ᠦᠷᠭᠦᠯᠵᠢᠯᠡᠭᠰᠡᠨ ᠥᠨᠳᠥᠷ ᠳᠤᠯᠠᠭᠠᠨ ᠴᠠᠭ ᠠᠭᠤᠷ ᠤᠨ ᠨᠥᠯᠥᠭᠡ ᠠᠴᠠ ᠪᠣᠯᠵᠤ᠂ ᠶᠢᠨ ᠬᠤᠤ ᠪᠠᠯᠭᠠᠰᠤᠨ ᠤ | ᠣᠯᠠᠨ ᠭᠠᠵᠠᠷ ᠲᠤ ᠠᠳᠠᠯᠢ ᠪᠤᠰᠤ ᠬᠡᠮᠵᠢᠶᠡᠨ ᠤ ᠭᠠᠩ ᠬᠠᠭᠰᠠᠷᠠᠭᠠᠨ ᠤ ᠪᠠᠶᠢᠳᠠᠯ ᠢᠯᠡᠷᠡᠵᠦ᠂ ᠲᠠᠷᠢᠮᠠᠯ ᠤᠨ ᠵᠦᠢᠯ ᠢ | ᠴᠠᠭ ᠲᠤᠬᠠᠢ ᠳᠤᠨᠢ ᠪᠣᠷᠣᠭᠠᠨ ᠣᠷᠣᠭᠤᠯᠬᠤ ᠴᠢᠬᠤᠯᠠᠲᠠᠢ ᠪᠠᠶᠢᠨ᠎ᠠ᠃ 7 ᠰᠠᠷ᠎ᠠ ᠶᠢᠨ 30 ᠤ ᠡᠳᠦᠷ᠂ ᠤᠳᠠᠭᠠᠨ | ᠪᠣᠷᠣᠭᠠᠨ ᠣᠷᠣᠬᠤ ᠶᠢ ᠬᠦᠰᠡᠵᠦ ᠪᠠᠶᠢᠭᠰᠠᠨ ᠡᠨᠡ ᠬᠡᠰᠡᠭ ᠰᠦᠷ ᠰᠦᠯᠳᠡ ᠦᠭᠡᠢ ᠡᠬᠡ ᠭᠠᠵᠠᠷ ᠢ ᠣᠶᠢᠵᠢᠭᠤᠯᠪᠠ᠃ | ᠡᠨᠡ ᠤᠳᠠᠭᠠᠨ ᠤ ᠬᠤᠷ᠎ᠠ ᠪᠣᠷᠣᠭᠠᠨ ᠨᠢ ᠣᠯᠠᠨ ᠡᠳᠦᠷ ᠦᠷᠭᠦᠯᠵᠢᠯᠡᠭᠰᠡᠨ ᠥᠨᠳᠥᠷ ᠳᠤᠯᠠᠭᠠᠨ ᠢ ᠡᠴᠦᠰᠯᠡᠭᠦᠯᠵᠦ᠂ | ᠰᠡᠷᠢᠭᠦᠨ ᠲᠠᠭᠠᠯᠠᠮᠵᠢᠲᠠᠢ ᠰᠠᠨᠠᠭᠳᠠᠭᠤᠯᠵᠤ᠂ ᠲᠠᠷᠢᠶᠠᠴᠢᠳ ᠨᠠᠮᠤᠷ ᠤᠨ ᠠᠮᠤ ᠪᠤᠳᠠᠭ᠎ᠠ ᠡᠯᠪᠡᠭ ᠬᠤᠷᠢᠶᠠᠯᠲᠠ | ᠣᠯᠬᠤ ᠳᠤ ᠪᠠᠰᠠ ᠬᠦᠰᠡᠯ ᠡᠷᠡᠮᠡᠯᠵᠡᠯ ᠲᠠᠢ ᠪᠠᠶᠢᠨ᠎ᠠ᠃ | ᠶᠢᠨ ᠬᠤᠤ ᠪᠠᠯᠭᠠᠰᠤᠨ ᠤ ᠮᠢᠩᠭᠠᠨ ᠮᠦ ᠵᠢᠮᠢᠰ ᠢᠳᠡᠰᠢᠨ ᠨᠣᠭᠤᠭ᠎ᠠ ᠲᠠᠷᠢᠬᠤ ᠰᠠᠭᠤᠷᠢᠨ ᠭᠠᠵᠠᠷ ᠤᠨ | ᠯᠠᠩᠭᠤᠸᠠ ᠶᠢᠨ ᠲᠠᠷᠢᠶᠠᠨ ᠳᠤ᠂ ᠬᠠᠷᠢᠭᠤᠴᠠᠯᠭᠠᠲᠠᠨ ᠵᠣ᠋ ᠹᠠ ᠸᠧᠢ ᠢᠭᠴᠤ ᠰᠠᠬᠤᠯᠢᠭ ᠰᠣᠩᠭᠢᠨ᠎ᠠ᠂ ᠳᠠᠬᠢᠨ | ᠠᠮᠢᠵᠢᠷᠠᠯ ᠤᠨ ᠬᠦᠴᠦᠨ ᠢᠶᠠᠷ ᠪᠢᠯᠬᠠᠭᠰᠠᠨ ᠮᠢᠩᠭᠠᠨ ᠮᠦ ᠭᠤᠸ᠎ᠠ ᠲᠠᠷᠢᠶᠠᠨ ᠳᠤ ᠭᠡᠷᠡᠯ ᠵᠢᠷᠤᠭ ᠲᠠᠲᠠᠭᠤᠯᠵᠤ᠂ | ᠤᠳᠠᠯ ᠦᠭᠡᠢ ᠬᠦᠷᠴᠦ ᠢᠷᠡᠬᠦ ᠭᠡᠵᠦ ᠪᠠᠶᠢᠭ᠎ᠠ ᠬᠤᠳᠠᠯᠳᠤᠨ ᠠᠪᠤᠭᠴᠢ ᠳᠤ ᠡᠯᠪᠡᠭ ᠬᠤᠷᠢᠶᠠᠯᠲᠠ ᠶᠢᠨ ᠪᠠᠶᠠᠷ | ᠪᠠᠶᠠᠰᠤᠯ ᠢ ᠬᠤᠪᠢᠶᠠᠯᠴᠠᠪᠠ᠃ ᠶᠢᠨ ᠬᠤᠤ ᠪᠠᠯᠭᠠᠰᠤᠨ ᠤ ᠨᠠᠮ ᠤᠨ ᠬᠤᠷᠢᠶ᠎ᠠ ᠲᠠᠷᠢᠮᠠᠯ ᠤᠨ ᠶᠡᠭᠡ ᠲᠠᠯᠠᠪᠠᠢ | ᠭᠠᠩᠳᠠᠭᠰᠠᠨ ᠢ ᠣᠶᠢᠯᠠᠭᠠᠭᠰᠠᠨ ᠤ ᠳᠠᠷᠠᠭ᠎ᠠ᠂ ᠪᠠᠯᠭᠠᠰᠤᠨ ᠤ ᠨᠠᠮ ᠤᠨ ᠬᠤᠷᠢᠶᠠᠨ ᠤ ᠭᠡᠰᠢᠭᠦᠨ᠂ ᠪᠠᠯᠭᠠᠰᠤᠨ ᠤ ᠳᠡᠳ᠋ | ᠳᠠᠷᠤᠭ᠎ᠠ ᠵᠠᠩ ᠾᠧ ᠫᠢᠩ ᠳᠤ ᠤᠰᠤᠨ ᠤ ᠡᠬᠢ ᠰᠤᠷᠪᠤᠯᠵᠢ ᠪᠠ ᠤᠰᠤ ᠲᠠᠲᠠᠬᠤ ᠳᠤ ᠬᠡᠷᠡᠭᠯᠡᠬᠦ ᠠᠰᠠᠭᠤᠳᠠᠯ ᠢ | ᠵᠣᠬᠢᠴᠠᠭᠤᠯᠵᠤ᠂ ᠭᠠᠩ ᠬᠠᠭᠰᠠᠷᠠᠭᠠᠨ ᠤ ᠭᠤᠸ᠎ᠠ ᠵᠢᠮᠢᠰ ᠤᠨ ᠦᠢᠯᠡᠳᠪᠦᠷᠢᠯᠡᠯ ᠳᠤ ᠦᠵᠡᠭᠦᠯᠬᠦ ᠨᠥᠯᠥᠭᠡ ᠶᠢ | ᠪᠠᠭᠠᠰᠬᠠᠪᠠ᠃ ᠪᠣᠷᠣᠭᠠᠨ ᠤᠷᠤᠭᠰᠠᠨ ᠲᠤᠬᠠᠢ ᠶᠢᠨ ᠡᠳᠦᠷ᠂ ᠶᠢᠨ ᠬᠤᠤ ᠪᠠᠯᠭᠠᠰᠤᠨ ᠤ ᠨᠠᠮ ᠤᠨ ᠬᠤᠷᠢᠶᠠᠨ ᠤ | ᠱᠦᠵᠢ ᠷᠧᠨ ᠾᠦᠢ ᠲᠤᠰᠬᠠᠶᠢᠯᠠᠨ ᠲᠠᠷᠢᠶᠠᠨ ᠭᠠᠵᠠᠷ ᠲᠤ ᠬᠦᠷᠴᠦ ᠪᠠᠶᠢᠴᠠᠭᠠᠨ ᠦᠵᠡᠪᠡ᠂ ᠲᠡᠷᠡ ᠳᠣᠲᠣᠭᠠᠳᠤ | ᠰᠡᠳᠬᠢᠯ ᠠᠴᠠ ᠪᠠᠨ ᠬᠡᠯᠡᠭᠰᠡᠨ ᠨᠢ᠄ ︽ᠪᠠᠯᠭᠠᠰᠤᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠬᠦᠴᠦᠲᠡᠢ | ᠳᠡᠮᠵᠢᠯᠭᠡ ᠳᠤ ᠲᠠᠯᠠᠷᠬᠠᠵᠤ᠂ ᠭᠠᠩ ᠤᠨ ᠪᠠᠶᠢᠳᠠᠯ ᠤᠨ ᠡᠮᠦᠨ᠎ᠡ ᠬᠠᠪᠰᠤᠷᠤᠯᠭ᠎ᠠ ᠦᠵᠡᠭᠦᠯᠵᠡᠢ᠂ ᠣᠳᠣ ᠪᠣᠷᠣᠭᠠᠨ | ᠣᠷᠣᠵᠤ᠂ ᠰᠡᠳᠬᠢᠯ ᠳᠣᠭᠳᠣᠯᠵᠤ ᠪᠠᠶᠢᠯ᠎ᠠ᠂ ᠶᠢᠨ ᠬᠤᠤ ᠪᠠᠯᠭᠠᠰᠤᠨ ᠤ ᠬᠠᠶᠢᠷ᠎ᠠ ᠬᠠᠯᠠᠮᠵᠢ ᠪᠠ ᠬᠠᠪᠰᠤᠷᠤᠯᠭ᠎ᠠ ᠳᠤ | ᠭᠦᠨ ᠪᠢᠰᠢᠷᠡᠵᠦ ᠪᠠᠶᠢᠨ᠎ᠠ︕︾ ᠭᠡᠪᠡ᠃ ᠡᠨᠡ ᠤᠳᠠᠭᠠᠨ ᠤ ᠪᠣᠷᠣᠭᠠᠨ 40% ᠶᠢᠨ ᠣᠷᠣᠯᠭ᠎ᠠ ᠣᠯᠵᠤ᠂ ᠪᠠᠰᠠ | ᠬᠤᠶᠠᠷ ᠤᠳᠠᠭᠠᠨ ᠤ ᠪᠣᠷᠣᠭᠠᠨ ᠣᠷᠣᠪᠠᠯ ᠡᠯᠪᠡᠭ ᠬᠤᠷᠢᠶᠠᠯᠲᠠ ᠣᠯᠤᠨ᠎ᠠ ᠭᠡᠵᠦ ᠢᠯᠡᠷᠬᠡᠶᠢᠯᠡᠯ᠎ᠡ᠃ | ᠶᠢᠨ ᠬᠤᠤ ᠪᠠᠯᠭᠠᠰᠤ ᠢᠮᠠᠭᠲᠠ ᠠᠵᠤ ᠠᠬᠤᠶᠢᠯᠠᠯ ᠢ ᠬᠠᠶᠢᠷᠠᠯᠠᠬᠤ᠂ ᠠᠵᠤ ᠠᠬᠤᠶᠢᠯᠠᠯ ᠳᠤ ᠠᠰᠢᠭ ᠬᠦᠷᠲᠡᠭᠡᠬᠦ᠂ | ᠠᠵᠤ ᠠᠬᠤᠶᠢᠯᠠᠯ ᠢ ᠲᠤᠰᠠᠯᠠᠬᠤ ᠶᠢ ᠪᠠᠷᠢᠮᠲᠠᠯᠠᠵᠤ᠂ ᠪᠦᠬᠦ ᠬᠦᠴᠦᠨ ᠢᠶᠠᠷ ᠢᠶᠠᠨ ᠠᠵᠤ ᠠᠬᠤᠶᠢᠯᠠᠯ ᠤᠨ | ᠬᠥᠭᠵᠢᠯᠲᠡ ᠶᠢᠨ ︽ᠦᠢᠯᠡᠴᠢᠯᠡᠭᠴᠢ︾᠂ ︽ᠳᠣᠲᠣᠨᠣ ᠬᠥᠮᠦᠨ︾ ᠪᠣᠯᠵᠠᠢ᠃ ᠠᠷᠠᠯᠵᠢᠶᠠᠴᠢᠨ ᠤᠷᠢᠵᠤ ᠪᠡᠯᠡ | ᠮᠥᠩᠭᠦ ᠣᠷᠣᠭᠤᠯᠤᠨ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠳᠤ ᠬᠦᠴᠦᠨ ᠨᠡᠮᠡᠷᠢᠯᠡᠵᠦ᠂ ᠠᠷᠠᠳ ᠢ | ᠪᠠᠶᠠᠵᠢᠭᠤᠯᠤᠨ ᠣᠷᠣᠯᠭ᠎ᠠ ᠶᠢ ᠨᠡᠮᠡᠭᠳᠡᠭᠦᠯᠬᠦ ᠶᠢ ᠠᠬᠢᠭᠤᠯᠵᠤ᠂ ᠲᠣᠰᠬᠤᠨ ᠤ ᠠᠷᠠᠳ ᠤᠨ ᠬᠦᠷᠲᠡᠮᠵᠢ ᠶᠢᠨ | ᠲᠦᠷᠦᠭᠳᠡᠯ᠂ ᠵᠣᠯ ᠵᠢᠷᠭᠠᠯᠲᠤ ᠲᠥᠷᠥᠭᠳᠡᠯ ᠢ ᠦᠷᠭᠦᠯᠵᠢᠯᠡᠨ ᠳᠡᠭᠡᠭᠰᠢᠯᠡᠭᠦᠯᠬᠦ ᠪᠥᠭᠡᠳ ᠣᠯᠠᠨ ᠲᠦᠮᠡᠨ ᠤ ︽ | ᠨᠠᠮ ᠤᠨ ᠠᠴᠢ ᠶᠢ ᠮᠡᠳᠡᠷᠡᠵᠦ᠂ ᠨᠠᠮ ᠤᠨ ᠦᠭᠡ ᠶᠢ ᠰᠣᠨᠣᠰᠴᠤ᠂ ᠨᠠᠮ ᠢᠶᠠᠨ ᠳᠠᠭᠠᠬᠤ︾ ᠢᠲᠡᠭᠡᠯ ᠵᠣᠷᠢᠭ ᠢ ᠨᠡᠩ | ᠪᠠᠲᠤᠳᠬᠠᠪᠠ᠃ |