ᠴᠦᠨ ᠺᠦᠨ ᠱᠠᠨ ᠲᠠᠨ ᠳᠤ ᠥᠭᠭᠦᠭᠰᠡᠨ ᠨᠢ ᠨᠢᠳᠦ ᠳᠦᠭᠦᠷᠡᠩ ᠨᠣᠮᠢᠨ ᠨᠣᠭᠤᠭᠠᠨ᠂ ᠰᠡᠳᠬᠢᠯ ᠵᠢᠷᠦᠬᠡ | ᠰᠢᠮᠰᠢᠷᠡᠬᠦ ᠠᠴᠠ ᠭᠠᠳᠠᠨ᠎ᠠ᠂ ᠬᠥᠪᠡᠭᠡ ᠬᠢᠵᠠᠭᠠᠷ ᠦᠭᠡᠢ ᠥᠨᠳᠥᠷ ᠠᠭᠤᠯᠠᠨ ᠤ ᠨᠤᠭᠤ ᠭᠠᠵᠠᠷ᠂ ᠡᠭᠦᠯᠡ᠂ ᠣᠳᠣᠨ | ᠣᠭᠲᠠᠷᠭᠤᠢ᠂ ᠦᠳᠡᠰᠢ ᠶᠢᠨ ᠲᠣᠯᠣᠩ ᠬᠢᠭᠡᠳ ᠭᠦᠨ ᠵᠤᠵᠠᠭᠠᠨ ᠲᠡᠦᠬᠡ ᠰᠣᠶᠣᠯ ᠪᠣᠯᠤᠨ᠎ᠠ᠃ | ︽ᠴᠦᠨ︾ ᠨᠢ ᠲᠠᠰᠤᠷᠠᠯᠲᠠ ᠦᠭᠡᠢ ᠠᠮᠢ ᠨᠠᠰᠤ ᠶᠢ ᠬᠠᠷᠠᠭᠤᠯᠵᠤ ᠪᠠᠶᠢᠨ᠎ᠠ᠂ ︽ᠺᠦᠨ︾ ᠪᠣᠯ ᠠᠮᠢ ᠨᠠᠰᠤ | ᠣᠷᠣᠰᠢᠨ ᠲᠣᠭᠲᠠᠨᠢᠬᠤ ᠡᠬᠡ ᠭᠠᠵᠠᠷ ᠮᠥᠨ᠂ ︽ᠴᠦᠨ ᠺᠦᠨ ᠱᠠᠨ︾ ᠭᠡᠳᠡᠭ ᠨᠡᠷ᠎ᠡ ᠨᠢ ᠡᠨᠡ ᠠᠭᠤᠯᠠ ᠶᠢ ᠨᠡᠩ | ᠭᠦᠨ ᠭᠦᠨᠵᠡᠭᠡᠢ ᠰᠣᠶᠣᠯ ᠤᠨ ᠥᠩᠭᠡ ᠪᠤᠳᠤᠭ ᠣᠷᠣᠭᠤᠯᠵᠤ᠂ ᠠᠮᠢᠲᠠᠨ ᠤᠷᠭᠤᠮᠠᠯ ᠤᠨ ᠡᠯᠳᠡᠪ ᠵᠦᠢᠯ ᠤᠨ | ᠲᠥᠷᠥᠯ ᠵᠦᠢᠯ ᠨᠢ ᠡᠨᠡ ᠠᠭᠤᠯᠠ ᠶᠢ ᠨᠡᠩ ᠣᠯᠠᠨ ᠠᠮᠢ ᠨᠠᠰᠤᠨ ᠤ ᠠᠮᠢᠵᠢᠷᠠᠯ ᠤᠨ ᠬᠦᠴᠦᠨ ᠢ ᠣᠯᠭᠤᠭᠰᠠᠨ | ᠪᠠᠶᠢᠨ᠎ᠠ᠃ | ᠠᠭᠠᠭᠢᠮ᠎ᠠ ᠬᠠᠯᠠᠭᠤᠨ ᠵᠤᠨ ᠪᠣᠯᠬᠤ ᠳᠤ᠂ ᠴᠦᠨ ᠺᠦᠨ ᠱᠠᠨ ᠠᠭᠤᠯᠠᠨ ᠤ ᠦᠵᠡᠮᠵᠢ ᠶᠢᠨ ᠣᠷᠣᠨ ᠤ | ᠠᠩᠬᠠᠨ ᠤ ᠬᠤᠰᠤᠨ ᠣᠢ ᠳᠣᠲᠣᠷ᠎ᠠ᠂ ᠥᠨᠳᠥᠷ ᠲᠣᠮᠣ ᠮᠣᠳᠣ᠂ ᠢᠭᠴᠤ ᠰᠠᠬᠤᠯᠢᠭ ᠮᠣᠳᠣᠨ ᠤ ᠰᠠᠷᠠᠪᠴᠢ ᠨᠢ | ᠤᠰᠤᠨ ᠳᠤ ᠵᠢᠪᠬᠦ ᠦᠭᠡᠢ᠂ ᠰᠡᠷᠢᠭᠦᠨ ᠪᠠᠶᠢᠳᠠᠭ᠃ | ᠬᠠᠯᠠᠭᠤᠨ ᠨᠠᠷᠠᠨ ᠳᠤ᠂ ᠮᠣᠳᠣᠨ ᠤ ᠰᠡᠭᠦᠳᠡᠷ ᠳᠣᠣᠷ᠎ᠠ ᠰᠡᠷᠢᠭᠦᠨ᠂ ᠴᠢᠨᠠᠭᠰᠢᠯᠠᠪᠠᠯ ᠨᠢᠭᠡ ᠵᠠᠬ᠎ᠠ ᠭᠠᠳᠠᠷ | ᠬᠤᠪᠴᠠᠰᠤ ᠨᠡᠮᠡᠵᠦ ᠡᠮᠦᠰᠬᠦ ᠴᠢᠬᠤᠯᠠᠲᠠᠢ᠃ | ᠡᠷᠲᠡ ᠣᠷᠣᠢ ᠶᠢᠨ ᠦᠶ᠎ᠡ ᠳᠤ ᠵᠤᠵᠠᠭᠠᠬᠠᠨ ᠬᠤᠪᠴᠠᠰᠤ᠂ ᠥᠳᠥᠨ ᠨᠣᠣᠯᠣᠭᠤᠷ ᠤᠨ ᠬᠤᠪᠴᠠᠰᠤ ᠪᠦᠷ | ᠢᠯᠡᠭᠦᠳᠡᠬᠦ ᠦᠭᠡᠢ᠃ | ᠴᠦᠨ ᠺᠦᠨ ᠱᠠᠨ ᠤ ᠭᠤᠣᠯ ᠣᠷᠭᠢᠯ ᠤᠯᠠᠭᠠᠨ ᠬᠤᠨᠴᠢᠷ ᠤᠨ ᠤᠷᠤᠢ᠂ ᠳᠠᠯᠠᠢ ᠶᠢᠨ ᠲᠦᠪᠰᠢᠨ ᠠᠴᠠ 2340 | ᠮᠧᠲᠷ ᠡᠷᠭᠦᠭᠳᠡᠵᠡᠢ᠃ | ᠥᠨᠳᠥᠷ ᠲᠤ ᠭᠠᠷᠴᠤ ᠠᠯᠤᠰ ᠢ ᠪᠠᠷᠠᠯᠠᠪᠠᠯ᠂ ᠰᠠᠨᠠᠭ᠎ᠠ ᠰᠡᠳᠬᠢᠯ ᠴᠢᠨᠢ ᠠᠭᠤᠵᠢᠷᠠᠨ᠎ᠠ᠃ | ᠠᠭᠤᠯᠠᠨ ᠤ ᠣᠷᠭᠢᠯ ᠨᠢ ᠬᠥᠪᠡᠭᠡ ᠬᠢᠵᠠᠭᠠᠷ ᠦᠭᠡᠢ ᠬᠥᠬᠡ ᠲᠠᠯ᠎ᠠ ᠨᠤᠲᠤᠭ᠃ | ᠠᠳᠡ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠠᠷᠠᠭᠤᠨ ᠬᠡᠰᠡᠭ ᠤᠨ ᠬᠠᠮᠤᠭ ᠤᠨ ᠲᠣᠮᠣ | ᠵᠥᠯᠡᠷᠬᠡᠭ ᠨᠤᠭᠤ ᠭᠠᠵᠠᠷ ᠤᠳ ᠢᠶᠠᠷ ᠰᠠᠭᠤᠵᠤ᠂ ᠶᠡᠷᠦᠩᠬᠡᠢ ᠲᠠᠯᠠᠪᠠᠢ ᠨᠢ 33 ᠲᠡᠭᠰᠢ ᠳᠥᠷᠪᠡᠯᠵᠢᠨ ᠺᠢᠯᠣᠮᠧᠲᠷ | ᠲᠤ ᠬᠦᠷᠴᠡᠢ᠃ | ᠦᠵᠡᠮᠵᠢ ᠶᠢᠨ ᠣᠷᠣᠨ ᠤ ᠲᠣᠨᠤᠭ ᠲᠥᠬᠦᠭᠡᠷᠦᠮᠵᠢ ᠠᠯᠬᠤᠮ ᠠᠯᠬᠤᠮ ᠢᠶᠠᠷ ᠲᠡᠭᠦᠯᠳᠡᠷᠵᠢᠬᠦ ᠶᠢ ᠳᠠᠭᠠᠯᠳᠤᠨ᠂ | ᠠᠳᠡ ᠢᠷᠡᠵᠦ ᠵᠢᠭᠤᠯᠴᠢᠯᠠᠬᠤ ᠵᠤᠭᠠᠴᠠᠭᠰᠠᠳ ᠤᠯᠠᠮ ᠠᠴᠠ ᠤᠯᠠᠮ ᠣᠯᠠᠰᠢᠷᠠᠵᠤ ᠪᠠᠶᠢᠨ᠎ᠠ᠃ | ᠬᠥᠮᠦᠰ ︽ᠡᠭᠦᠯᠡᠨ ᠤ ᠳᠣᠲᠣᠷᠠᠬᠢ ᠲᠠᠯ᠎ᠠ ᠨᠤᠲᠤᠭ︾ ᠢᠶᠠᠨ᠂ ᠥᠪᠡᠷ ᠤᠨ ᠭᠡᠰᠡᠨ ᠰᠢᠯᠦᠭ ᠵᠢᠷᠤᠭ ᠤᠨ | ᠣᠷᠣᠨ ᠪᠣᠯᠭᠠᠵᠠᠢ᠃ |