ᠬᠥᠮᠥᠰ ᠶᠡᠷᠦ ᠳᠤ ᠪᠠᠨ ︽ᠰᠢᠳᠤ ᠬᠤᠷᠣᠬᠠᠶᠢᠲᠤᠬᠤ︾ ᠨᠢ ᠰᠢᠳᠤ ᠶᠢ ᠬᠤᠷᠣᠬᠠᠢ ᠢᠳᠡᠭᠰᠡᠨ ᠠᠴᠠ ᠪᠣᠯᠵᠠᠢ ᠭᠡᠵᠦ | ᠬᠡᠯᠡᠳᠡᠭ᠃ ᠠᠮᠠ ᠪᠠᠨ ᠠᠩᠭᠠᠶᠢᠵᠤ ᠲᠣᠯᠢᠨ ᠳᠤ ᠦᠵᠡᠪᠡᠯ ᠰᠢᠳᠤᠨ ᠳᠡᠭᠡᠷ᠎ᠡ ᠨᠢ ᠦᠨᠡᠬᠡᠷ ᠨᠦᠬᠡ ᠪᠠᠶᠢᠬᠤ ᠪᠥᠭᠡᠳ | ᠪᠠᠰᠠ ᠬᠠᠷ᠎ᠠ ᠥᠩᠭᠡᠲᠡᠢ ᠲᠤᠯᠠ ᠶᠠᠭ ᠯᠠ ᠬᠤᠷᠣᠬᠠᠢ ᠢᠳᠡᠭᠰᠡᠨ ᠰᠢᠭ᠃ ᠦᠨᠡᠨ ᠳᠤ ᠪᠠᠨ ︽ᠰᠢᠳᠤ | ᠬᠤᠷᠣᠬᠠᠶᠢᠲᠤᠬᠤ︾ ᠨᠢ ᠰᠢᠳᠤ ᠶᠢ ᠬᠤᠷᠣᠬᠠᠢ ᠢᠳᠡᠭᠰᠡᠨ ᠪᠢᠰᠢ᠂ ᠬᠠᠷᠢᠨ ᠪᠠᠺᠲ᠋ᠧᠷᠢ ᠬᠤᠣᠷ ᠬᠢᠭᠰᠡᠨ ᠪᠠᠶᠢᠨ᠎ᠠ᠃ | ᠠᠨᠠᠭᠠᠬᠤ ᠤᠬᠠᠭᠠᠨ ᠳᠡᠭᠡᠷ᠎ᠡ ᠪᠣᠯ ᠡᠭᠦᠨ ᠢ ︽ᠰᠢᠳᠤ ᠬᠤᠷᠣᠬᠠᠶᠢᠲᠤᠬᠤ︾ ᠭᠡᠵᠦ ᠬᠡᠯᠡᠳᠡᠭ ᠦᠭᠡᠢ᠂ ᠬᠠᠷᠢᠨ ︽ᠰᠢᠳᠤ | ᠬᠥᠨᠳᠡᠶᠢᠷᠡᠬᠦ︾ ᠬᠡᠳᠡᠭ᠃ ᠪᠢᠳᠠ ᠢᠳᠡᠬᠡᠨ ᠢᠳᠡᠬᠦ ᠪᠦᠷᠢ ᠢᠳᠡᠬᠡᠨ ᠤ ᠰᠢᠪᠬᠠᠷᠤᠤ ᠨᠢ ᠰᠢᠳᠤᠨ ᠵᠠᠪᠰᠠᠷ ᠪᠤᠶᠤ | ᠰᠢᠳᠤᠨ ᠳᠡᠭᠡᠷ᠎ᠡ ᠪᠠᠭ᠎ᠠ ᠰᠠᠭ᠎ᠠ ᠨᠠᠭᠠᠯᠳᠤᠨ ᠬᠤᠴᠣᠷᠳᠠᠭ᠃ ᠬᠡᠷᠪᠡ ᠰᠢᠳᠤᠨ ᠤ ᠠᠷᠢᠭᠤᠨ ᠴᠡᠪᠡᠷ ᠢ ᠠᠩᠬᠠᠷᠬᠤ | ᠦᠭᠡᠢ ᠪᠣᠯ ᠠᠮᠠᠨ ᠳᠣᠲᠣᠷᠠᠬᠢ ᠪᠠᠺᠲ᠋ᠧᠷᠢ ᠨᠢ ᠢᠳᠡᠬᠡᠨ ᠤ ᠰᠢᠪᠬᠠᠷᠤᠤ ᠳᠤ ᠣᠷᠣᠭᠠᠳ ᠲᠡᠭᠦᠨ ᠢ ᠢᠰᠦᠯᠳᠦᠭᠦᠯᠵᠦ | ᠬᠦᠴᠢᠯ ᠴᠢᠨᠠᠷᠲᠠᠢ ᠡᠳ᠋ ᠪᠣᠯᠭᠠᠳᠠᠭ᠃ ᠰᠢᠳᠤᠨ ᠤ ᠭᠤᠣᠯ ᠪᠦᠷᠢᠯᠳᠦᠭᠦᠨ ᠺᠠᠯᠼ ᠨᠢ ᠬᠦᠴᠢᠯ ᠲᠠᠢ ᠠᠭᠤᠯᠵᠠᠪᠠᠯ | ᠳᠠᠷᠤᠢ ᠬᠢᠯᠪᠠᠷᠬᠠᠨ ᠠᠭᠤᠰᠳᠠᠭ᠂ ᠬᠥᠮᠥᠨ ᠬᠡᠷᠪᠡ ᠤᠷᠳᠤ ᠬᠤᠭᠤᠴᠠᠭ᠎ᠠ ᠰᠢᠳᠤ ᠪᠠᠨ ᠱᠤᠸᠠᠰᠠᠳᠠᠵᠤ ᠠᠮᠠ ᠪᠠᠨ | ᠵᠠᠶᠢᠯᠬᠤ ᠦᠭᠡᠢ ᠪᠣᠯ ᠤᠳᠠᠭᠠᠨ ᠳᠤ ᠪᠠᠨ ᠦᠩᠬᠡᠨ ᠲᠠᠯ᠎ᠠ ᠳᠠᠪᠬᠤᠷᠭ᠎ᠠ ᠳᠠᠬᠢ ᠰᠢᠳᠤᠨ ᠤ ᠹᠠᠯᠠᠨ ᠨᠢ ᠭᠡᠮᠲᠦᠬᠦ | ᠪᠣᠯᠣᠨ᠎ᠠ᠃ ᠰᠢᠳᠤᠨ ᠤ ᠬᠤᠲᠣᠶᠢᠵᠤ ᠣᠷᠣᠭᠰᠠᠨ ᠬᠡᠰᠡᠭ ᠲᠤ ᠨᠢ ᠢᠳᠡᠬᠡᠨ ᠤ ᠰᠢᠪᠬᠠᠷᠤᠤ ᠨᠠᠩ ᠠᠮᠠᠷᠬᠠᠨ | ᠬᠤᠷᠠᠮᠳᠤᠳᠠᠭ ᠪᠣᠯᠬᠤᠷ ᠳᠠᠷᠠ ᠨᠢ ᠪᠠᠺᠲ᠋ᠧᠷᠢ ᠶᠢᠨ ᠦᠷᠡᠵᠢᠵᠦ ᠥᠰᠬᠦ ᠳᠠᠯᠠᠪᠠᠢ ᠪᠤᠯᠳᠠᠭ᠃ ᠢᠳᠡᠭᠳᠡᠬᠦ ᠳᠤᠳᠤᠮ | ᠤᠯᠠᠮ ᠭᠦᠨ ᠪᠣᠯᠵᠤ᠂ ᠶᠠᠭ ᠯᠠ ᠬᠤᠷᠣᠬᠠᠢ ᠳᠤ ᠢᠳᠡᠭᠳᠡᠭᠰᠡᠨ ᠰᠢᠭ ᠨᠦᠬᠡ ᠭᠠᠷᠳᠠᠭ᠃ ᠬᠥᠮᠥᠰ ︽ᠰᠢᠳᠤ ᠡᠪᠡᠳᠬᠦ | ᠨᠢ ᠡᠪᠡᠳᠴᠢᠨ ᠳᠤ ᠲᠣᠭᠠᠴᠠᠭᠳᠠᠬᠤ ᠦᠭᠡᠢ᠂ ᠡᠪᠡᠳᠦᠭᠡᠳ ᠡᠬᠢᠯᠡᠪᠡᠯ ᠠᠮᠢ ᠠᠪᠤᠮᠠᠷ︾ ᠭᠡᠵᠦ ᠬᠡᠯᠡᠳᠡᠭ᠃ ᠰᠢᠳᠤᠨ ᠤ | ᠹᠠᠯᠠᠨ ᠡᠳ᠋ ᠨᠢ ᠬᠤᠪᠬᠤᠷᠠᠵᠤ ᠤᠨᠠᠭᠠᠳ ᠰᠢᠳᠤᠨ ᠡᠳ᠋ ᠨᠢ ᠢᠯᠡᠷᠡᠭᠰᠡᠨ ᠦᠶ᠎ᠡ ᠳᠤ ᠬᠦᠴᠢᠲᠡᠢ᠂ ᠠᠮᠲᠠᠲᠠᠢ᠂ | ᠬᠦᠢᠲᠡᠨ᠂ ᠬᠠᠯᠠᠭᠤᠨ ᠵᠡᠷᠭᠡ ᠰᠡᠳᠦᠯᠲᠡ ᠳᠤ ᠲᠣᠬᠢᠶᠠᠯᠳᠤᠪᠠᠯ ᠲᠡᠰᠪᠦᠷᠢᠯᠡᠬᠦᠶ᠎ᠡ ᠪᠡᠷᠬᠡ ᠪᠤᠯᠳᠠᠯ᠎ᠠ ᠱᠠᠷᠬᠢᠷᠠᠵᠤ | ᠡᠪᠡᠳᠳᠡᠭ᠃ ᠬᠡᠷᠪᠡ ᠪᠠᠺᠲ᠋ᠧᠷᠢ ᠨᠢ ᠰᠢᠳᠤᠨ ᠡᠳ᠋ ᠤᠨ ᠲᠥᠪ ᠊᠊᠊᠊ ᠰᠢᠳᠤᠨ ᠤ ᠴᠢᠮᠦᠭᠡᠨ ᠳᠤ ᠰᠢᠷᠭᠤᠨ ᠣᠷᠣᠪᠠᠯ | ᠦᠷᠪᠢᠰᠦᠯ ᠡᠭᠦᠰᠬᠡᠵᠦ ᠢᠳᠡᠭᠡᠯᠡᠳᠡᠭ ᠲᠤᠯᠠ ᠨᠠᠩ ᠰᠦᠷᠡᠬᠡᠢ ᠡᠪᠡᠳᠦᠭᠦᠯᠳᠡᠭ᠃ ᠰᠦᠷᠡᠬᠡᠢ ᠡᠪᠡᠳᠳᠡᠭ ᠤᠨ | ᠰᠢᠯᠲᠠᠭᠠᠨ ᠨᠢ ᠰᠢᠳᠤᠨ ᠤ ᠴᠢᠮᠦᠭᠡ ᠪᠣᠯ ᠪᠠᠲᠤ ᠪᠠᠬᠢ ᠶᠠᠰᠤᠯᠢᠭ ᠡᠳ᠋ ᠲᠤ ᠪᠠᠭᠯᠠᠭᠳᠠᠵᠤ᠂ ᠠᠭᠰᠢᠵᠤ ᠲᠡᠯᠡᠭᠳᠡᠬᠦ | ᠪᠣᠯᠣᠯᠴᠠᠭ᠎ᠠ ᠦᠭᠡᠢ ᠪᠣᠯᠬᠤᠷ ᠬᠡᠷᠪᠡ ᠬᠠᠪᠤᠳᠪᠠᠯ ᠰᠢᠳᠤᠨ ᠤ ᠮᠡᠳᠡᠷᠡᠯ ᠢ ᠴᠢᠩᠭ᠎ᠠ ᠳᠠᠷᠤᠭᠠᠳ᠂ ᠰᠦᠷᠡᠬᠡᠢ | ᠡᠪᠡᠳᠦᠭᠦᠯᠳᠡᠭ᠃ ︽ᠰᠢᠳᠤ ᠬᠤᠷᠣᠬᠠᠶᠢᠲᠤᠬᠤ︾ ᠶᠢ ᠤᠷᠢᠳᠴᠢᠯᠠᠨ ᠰᠡᠷᠭᠡᠶᠢᠯᠡᠵᠦ ᠪᠣᠯᠣᠨ᠎ᠠ᠃ ᠡᠭᠦᠨ ᠳᠤ ᠪᠡᠶ᠎ᠡ ᠶᠢᠨ | ᠪᠣᠯᠪᠠᠰᠤᠷᠠᠯ ᠢ ᠠᠩᠬᠠᠷᠬᠤ ᠶᠢᠨ ᠬᠠᠮᠲᠤ᠂ ᠡᠳᠦᠷ ᠪᠦᠷᠢ ᠰᠢᠳᠤ ᠪᠠᠨ ᠱᠤᠸᠠᠰᠠᠳᠠᠨ ᠠᠮᠠ ᠪᠠᠨ ᠵᠠᠶᠢᠯᠵᠤ᠂ ᠠᠮᠠᠨ | ᠬᠥᠨᠳᠡᠢ ᠶᠢ ᠠᠷᠢᠭᠤᠨ ᠴᠡᠪᠡᠷ ᠪᠠᠶᠢᠯᠭᠠᠵᠤ᠂ ᠪᠠᠺᠲ᠋ᠧᠷᠢ ᠶᠡᠭᠡ ᠬᠡᠮᠵᠢᠶ᠎ᠡ ᠪᠠᠷ ᠦᠷᠡᠵᠢᠬᠦ ᠵᠠᠪᠰᠢᠶᠠᠨ ᠢ ᠦᠬᠡᠶᠢᠰᠬᠡᠬᠦ | ᠬᠡᠷᠡᠭᠲᠡᠢ᠃ |