ᠠᠮᠧᠷᠢᠺᠠ ᠶᠢᠨ ᠤᠶᠢᠷ᠎ᠠ ᠳᠤ ᠬᠢᠭᠰᠡᠨ ᠨᠢᠭᠡᠨ ᠰᠢᠨ᠎ᠡ ᠰᠤᠳᠤᠯᠭᠠᠨ ᠠᠴᠠ ᠦᠵᠡᠪᠡᠯ᠂ ᠡᠳᠤᠷ ᠪᠦᠷᠢ | ᠨᠢᠭᠡ ᠴᠠᠭ ᠬᠦᠨ ᠪᠤᠲᠤᠯᠭᠠᠰᠢᠷᠠᠪᠠᠯ ᠲᠠᠷᠢᠬᠢ ᠮᠤᠨᠤᠬᠤ ᠶᠢ ᠪᠦᠲᠦᠮᠵᠢᠲᠠᠢ ᠨᠠᠮᠳᠠᠭᠠᠵᠤ᠂ ᠨᠠᠰᠤ ᠠᠬᠢᠬᠤ ᠲᠤᠳᠤᠮ | ᠰᠡᠳᠬᠢᠬᠦᠢ ᠤᠯᠠᠮ ᠬᠤᠷᠴᠠ ᠰᠡᠷᠭᠡᠭ ᠪᠤᠯᠤᠨ᠎ᠠ᠃ | ᠠᠮᠧᠷᠢᠺᠠ ᠶᠢᠨ ᠺᠠᠯᠢᠹᠤᠷᠨᠢᠶ᠎ᠠ ᠵᠸᠤ ᠶᠢᠨ ᠶᠡᠭᠡ ᠰᠤᠷᠭᠠᠭᠤᠯᠢ ᠶᠢᠨ ᠳ᠋ᠠᠸᠢᠰ ᠬᠤᠪᠢᠶᠠᠷᠢ ᠰᠤᠷᠭᠠᠭᠤᠯᠢ ᠶᠢᠨ | ᠰᠢᠨᠵᠢᠯᠡᠬᠦ ᠤᠬᠠᠭᠠᠨ ᠤ ᠰᠤᠳᠤᠯᠭᠠᠨ ᠤ ᠲᠤᠭᠤᠶᠢᠯᠠᠩ 2011 ᠤᠨ ᠳᠤ ᠬᠦᠨ ᠪᠤᠲᠤᠯᠭᠠᠰᠢᠷᠠᠬᠤ ᠲᠤᠬᠠᠢ ᠨᠢᠭᠡᠨ | ᠰᠤᠳᠤᠯᠭᠠᠨ ᠬᠢᠵᠠᠢ᠃ ᠠᠮᠧᠷᠢᠺᠠ ᠶᠢᠨ ᠬᠦᠨ ᠪᠤᠲᠤᠯᠭᠠᠰᠢᠷᠠᠬᠤ ᠲᠦᠪ ᠲᠤ᠂ ᠰᠤᠳᠤᠯᠭᠠᠳᠠᠳ ᠢᠳᠡᠷ ᠦᠳᠡᠯᠦᠭᠡ | ᠨᠠᠰᠤᠨ ᠤ 60 ᠰᠠᠶᠢᠨ ᠲᠤᠷᠠᠴᠢᠨ ᠢ 3 ᠰᠠᠷ᠎ᠠ ᠶᠢᠨ ᠬᠤᠭᠤᠴᠠᠭ᠎ᠠ ᠲᠠᠢ ᠬᠦᠨ ᠪᠤᠲᠤᠯᠭᠠᠰᠢᠷᠠᠬᠤ ᠪᠤᠯᠪᠠᠰᠤᠷᠠᠯ ᠳᠤ | ᠤᠷᠤᠯᠴᠠᠭᠤᠯᠵᠤ᠂ ᠲᠡᠳᠡᠨ ᠤ ᠲᠠᠨᠢᠨ ᠮᠡᠳᠡᠬᠦᠢ ᠶᠢᠨ ᠴᠢᠳᠠᠪᠤᠷᠢ ᠶᠢᠨ ᠲᠡᠭᠡᠭᠰᠢᠯᠡᠯᠲᠡ ᠳᠤ ᠦᠨᠡᠯᠡᠯᠲᠡ ᠬᠢᠭᠰᠡᠨ | ᠪᠠᠶᠢᠨ᠎ᠠ᠃ ᠲᠤᠰ ᠪᠤᠯᠪᠠᠰᠤᠷᠠᠯ ᠳᠤ ᠤᠷᠤᠯᠴᠠᠭᠴᠢᠳ ᠬᠡᠯᠡᠬᠦ ᠳᠡᠭᠡᠨ᠂ ᠬᠦᠨ ᠪᠤᠲᠤᠯᠭᠠᠰᠢᠷᠠᠬᠤ ᠪᠤᠯᠪᠠᠰᠤᠷᠠᠯ ᠳᠤ | ᠤᠷᠤᠬᠤ ᠪᠠᠷ ᠲᠠᠮᠵᠢᠨ ᠲᠡᠳᠡ ᠠᠰᠠᠭᠤᠳᠠᠯ ᠳᠤ ᠲᠠᠶᠢᠪᠤᠭᠤ ᠬᠠᠨᠳᠤᠵᠤ ᠰᠤᠷᠤᠭᠰᠠᠨ ᠪᠦᠭᠡᠳ ᠦᠷᠦᠪᠴᠢ ᠰᠡᠳᠬᠢᠯ᠂ | ᠪᠤᠰᠤᠳ ᠢ ᠬᠠᠶᠢᠷᠠᠯᠠᠬᠤ ᠰᠡᠳᠬᠢᠯ ᠪᠠ ᠠᠰᠪᠤᠷᠢ ᠴᠠᠭᠠᠪᠤᠷ ᠵᠠᠩ ᠲᠠᠢ ᠪᠤᠯᠵᠤ᠂ ᠪᠤᠯᠪᠠᠰᠤᠷᠠᠯ ᠲᠠᠭᠤᠰᠤᠭᠰᠠᠨ | ᠴᠦ ᠬᠦᠨ ᠪᠤᠲᠤᠯᠭᠠᠰᠢᠷᠠᠬᠤ ᠲᠠᠳᠬᠠᠯ ᠢᠶᠠᠨ ᠪᠠᠷᠢᠮᠲᠠᠯᠠᠨ᠎ᠠ ᠭᠡᠵᠠᠢ᠃ | 7 ᠵᠢᠯ ᠤᠨ ᠲᠠᠷᠠᠭ᠎ᠠ᠂ ᠰᠤᠳᠤᠯᠭᠠᠲᠠᠳ ᠲᠡᠳᠡᠨ ᠤ ᠲᠤᠳᠤᠷᠠᠬᠢ 40 ᠰᠠᠶᠢᠨ ᠲᠤᠷᠠᠴᠢᠨ ᠢ ᠲᠠᠬᠢᠨᠲᠠ | ᠰᠤᠷᠪᠤᠯᠵᠢᠯᠠᠭᠰᠠᠨ ᠪᠠᠶᠢᠨ᠎ᠠ᠃ ᠰᠤᠷᠪᠤᠯᠵᠢᠯᠠᠭ᠎ᠠ ᠶᠢᠨ ᠳ᠋ᠦᠩ ᠳᠤ᠂ 85% ᠶᠢᠨ ᠤᠷᠤᠯᠴᠠᠭᠴᠢ ᠡᠨᠡ ᠬᠦ ᠰᠠᠶᠢᠨ | ᠲᠠᠳᠬᠠᠯ ᠢᠶᠠᠨ ᠪᠠᠷᠢᠮᠲᠠᠯᠠᠵᠤ᠂ ᠡᠳᠤᠷ ᠪᠦᠷᠢ 1 ᠴᠠᠭ ᠠᠴᠠ ᠢᠯᠡᠬᠦᠦ ᠬᠦᠨ ᠪᠤᠲᠤᠯᠭᠠᠰᠢᠷᠠᠲᠠᠭ ᠪᠦᠭᠡᠳ ᠠᠳᠠᠭ | ᠲᠠᠭᠠᠨ ᠨᠢᠭᠡ ᠤᠳᠠᠭ᠎ᠠ ᠬᠦᠨ ᠪᠤᠲᠤᠯᠭᠠᠰᠢᠷᠠᠵᠤ ᠪᠢᠰᠢᠯᠭᠠᠯ ᠬᠢᠬᠦ ᠠᠵᠢᠯᠯᠠᠭ᠎ᠠ ᠳᠤ ᠤᠷᠤᠯᠴᠠᠵᠤ ᠦᠩᠭᠡᠷᠡᠵᠠᠢ᠃ | ᠰᠤᠳᠤᠯᠭᠠᠲᠠᠳ ᠲᠡᠳᠡᠨ ᠤ ᠲᠤᠰᠬᠠᠯ ᠤᠨ ᠬᠤᠷᠳᠤᠴᠠ ᠪᠠ ᠠᠩᠬᠠᠷᠤᠯ ᠤᠨ ᠴᠢᠳᠠᠪᠤᠷᠢ ᠶᠢ ᠲᠠᠬᠢᠨᠲᠠ ᠦᠨᠡᠯᠡᠬᠦ ᠪᠠᠷ | ᠲᠠᠮᠵᠢᠨ᠂ ᠬᠦᠨ ᠪᠤᠲᠤᠯᠭᠠᠰᠢᠷᠠᠬᠤ ᠶᠢ ᠪᠠᠷᠢᠮᠲᠠᠯᠠᠭᠰᠠᠳ ᠤᠨ ᠠᠩᠬᠠᠷᠤᠯ ᠲᠦᠪᠯᠡᠷᠡᠬᠦᠯᠬᠦ ᠲᠠᠭᠠᠭᠠᠮᠠᠭᠠᠢ ᠴᠢᠳᠠᠪᠤᠷᠢ | ᠨᠢ ᠨᠠᠰᠤ ᠠᠬᠢᠬᠤ ᠶᠢ ᠲᠠᠭᠠᠨ ᠪᠠᠭᠤᠷᠠᠭᠰᠠᠨ ᠦᠭᠡᠢ ᠭᠡᠳᠡᠭ ᠢ ᠤᠯᠵᠤ ᠮᠡᠳᠡᠭᠰᠡᠨ ᠪᠠᠶᠢᠨ᠎ᠠ᠃ | ᠰᠤᠳᠤᠯᠭᠠᠲᠠᠳ ᠤᠨ ᠬᠡᠯᠡᠬᠦ ᠪᠠᠷ᠂ ᠬᠦᠨ ᠪᠤᠲᠤᠯᠭᠠᠰᠢᠷᠠᠬᠤ ᠨᠢ ᠲᠠᠷᠢᠬᠢᠨ ᠤ ᠴᠠᠬᠢᠯᠭᠠᠨ ᠲᠤᠯᠬᠢᠶᠠᠨ ᠢ | ᠲᠦᠷᠭᠡᠨ ᠵᠤᠬᠢᠴᠠᠭᠤᠯᠵᠤ᠂ ᠰᠡᠳᠬᠢᠬᠦᠢ ᠶᠢ ᠨᠦᠯᠦᠭᠡᠯᠡᠳᠡᠭ ᠬᠦᠴᠦᠨ ᠵᠦᠢᠯ ᠢ ᠠᠷᠢᠯᠭᠠᠨ᠂ ᠠᠩᠬᠠᠷᠤᠯ | ᠲᠦᠪᠯᠡᠷᠡᠬᠦᠯᠬᠦ ᠦᠷᠭᠡᠴᠡ ᠶᠢ ᠲᠡᠭᠡᠭᠰᠢᠯᠡᠬᠦᠯᠳᠡᠭ ᠮᠦᠷᠲᠡᠭᠡᠨ ᠦᠷᠬᠦᠯᠵᠢ ᠬᠦᠨ ᠪᠤᠲᠤᠯᠭᠠᠰᠢᠷᠠᠲᠠᠭ ᠬᠦᠮᠦᠨ ᠤ | ᠲᠠᠷᠢᠬᠢᠨ ᠤ ᠪᠦᠷᠬᠦᠪᠴᠢ ᠶᠢᠨ ᠠᠳᠤᠷᠢᠶ᠎ᠠ ᠨᠢ ᠨᠡᠩ ᠪᠤᠳᠤᠯᠢᠶᠠᠨᠲᠠᠢ᠂ ᠮᠡᠳᠡᠭᠡ ᠵᠠᠩᠬᠢ ᠰᠢᠢᠳᠪᠤᠷᠢᠯᠡᠬᠦ ᠬᠤᠷᠳᠤᠴᠠ | ᠨᠢ ᠨᠡᠩ ᠲᠦᠷᠭᠡᠨ ᠪᠤᠯᠵᠤ᠂ ᠴᠡᠭᠡᠵᠢᠯᠡᠬᠦ ᠴᠢᠳᠠᠪᠤᠷᠢ᠂ ᠠᠩᠬᠠᠷᠤᠯ ᠲᠦᠪᠯᠡᠷᠡᠬᠦᠯᠬᠦ ᠴᠢᠳᠠᠪᠤᠷᠢ ᠪᠠ ᠰᠡᠳᠬᠢᠬᠦᠢ ᠶᠢᠨ | ᠴᠢᠳᠠᠪᠤᠷᠢ ᠨᠢ ᠰᠠᠶᠢᠵᠢᠷᠠᠳᠠᠭ ᠭᠡᠰᠡᠨ ᠢ ᠤᠷᠢᠳᠤᠬᠢ ᠰᠤᠳᠤᠯᠭᠠᠨ ᠨᠢᠭᠡᠨᠲᠡ ᠲᠤᠳᠤᠷᠬᠠᠶᠢᠯᠠᠪᠠ᠃ ᠲᠤᠰ ᠤᠳᠠᠭᠠᠨ ᠤ | ᠰᠢᠨ᠎ᠡ ᠢᠯᠡᠷᠡᠬᠦᠯᠦᠯᠲᠡ ᠨᠢ ᠲᠡᠭᠡᠷᠡᠬᠢ ᠰᠤᠳᠤᠯᠭᠠᠨ ᠤ ᠰᠠᠭᠤᠷᠢᠨ ᠲᠡᠭᠡᠷ᠎ᠡ᠂ ᠬᠦᠨ ᠪᠤᠲᠤᠯᠭᠠᠰᠢᠷᠠᠬᠤ ᠶᠢ | ᠪᠠᠷᠢᠮᠲᠠᠯᠠᠬᠤ ᠨᠢ ᠢᠳᠡᠷ ᠦᠳᠡᠯᠦᠭᠡ ᠨᠠᠰᠤᠨ ᠤ ᠬᠦᠮᠦᠰ ᠤᠨ ᠰᠡᠳᠬᠢᠬᠦᠢ ᠶᠢᠨ ᠴᠢᠳᠠᠪᠤᠷᠢ ᠶᠢ ᠲᠠᠰᠤᠷᠠᠯᠲᠠ ᠦᠭᠡᠢ | ᠰᠠᠶᠢᠵᠢᠷᠠᠭᠤᠯᠵᠤ᠂ ᠦᠳᠡᠯᠬᠦ ᠶᠢ ᠪᠦᠲᠦᠮᠵᠢᠲᠠᠢ ᠬᠤᠷᠢᠭᠯᠠᠵᠤ ᠲᠡᠶᠢᠯᠦᠨ᠎ᠡ ᠭᠡᠳᠡᠭ ᠢ ᠭᠡᠷᠡᠴᠢᠯᠡᠵᠠᠢ᠃ | ᠰᠤᠳᠤᠯᠭᠠᠲᠠᠳ ᠬᠠᠮᠢᠶ᠎ᠠ ᠪᠦᠬᠦᠢ ᠰᠤᠳᠤᠯᠭᠠᠨ ᠢᠶᠠᠨ ᠦᠷᠬᠦᠯᠵᠢᠯᠡᠨ ᠬᠢᠨ᠎ᠡ ᠭᠡᠵᠠᠢ᠃ |