ᠾᠧᠦ ᠵᠢᠩ ︵502552︶ ᠬᠤᠸᠠᠢ ᠱᠦᠸᠧ ᠪᠠᠯᠭᠠᠰᠤᠨ ᠳᠤ ᠳᠦᠷᠦᠵᠡᠶ᠃ ᠪᠠᠭ᠎ᠠ ᠨᠠᠰᠤᠨ ᠤ ᠾᠧᠦ | ᠵᠢᠩ ᠮᠧᠢ ᠨᠢᠳᠦ ᠲᠤᠩᠭᠠᠯᠠᠭ᠂ ᠵᠠᠩ ᠠᠭᠠᠰᠢ ᠨᠢ ᠬᠠᠷᠢᠨ ᠬᠠᠷᠭᠢᠰ ᠬᠡᠷᠴᠡᠭᠡᠢ᠂ ᠬᠥᠨᠳᠡᠯᠡᠨ ᠭᠤᠯᠳᠤ ᠠᠭᠠᠰᠢᠯᠠᠵᠤ᠂ | ᠲᠣᠰᠬᠤᠨ ᠤ ᠬᠥᠮᠦᠰ ᠪᠦᠷ ᠲᠡᠭᠦᠨ ᠠᠴᠠ ᠠᠶᠤᠨ᠎ᠠ᠃ ᠲᠣᠮᠣ ᠪᠣᠯᠤᠭᠰᠠᠨ ᠤ ᠳᠠᠷᠠᠭ᠎ᠠ᠂ ᠪᠡᠶ᠎ᠡ ᠨᠢ ᠥᠨᠳᠥᠷ ᠪᠢᠰᠢ | ᠪᠣᠯᠪᠠᠴᠤ᠂ ᠪᠠᠰᠠ ᠬᠦᠳᠡᠷ ᠴᠢᠭᠢᠷᠠᠭ᠃ ᠡᠶᠢᠮᠦ ᠠᠴᠠ ᠤᠮᠠᠷᠠᠳᠤ ᠶᠢᠨ ᠪᠠᠯᠭᠠᠳ ᠤᠨ ᠬᠤᠳᠠ ᠬᠠᠮᠠᠭᠠᠯᠠᠬᠤ | ᠴᠡᠷᠢᠭ ᠲᠤ ᠰᠣᠩᠭᠤᠭᠳᠠᠵᠤ᠂ ᠠᠭᠠᠵᠢᠮ ᠢᠶᠠᠷ ᠪᠠᠶᠢᠯᠳᠤᠭᠠᠨ ᠤ ᠭᠠᠪᠢᠶ᠎ᠠ ᠪᠠᠶᠢᠭᠤᠯᠪᠠ᠃ ᠬᠤᠵᠢᠮ ᠨᠢ ᠡᠷ ᠵᠦ | ᠷᠦᠩ ᠢ ᠲᠦᠰᠢᠬᠦ ᠪᠠᠷ ᠣᠴᠢᠭᠠᠳ ᠰᠠᠶᠢᠰᠢᠶᠠᠭᠳᠠᠪᠠ᠃ ᠭᠧ ᠷᠦᠩ ᠤᠨ ᠵᠢᠷᠭᠤᠭᠠᠨ ᠪᠠᠯᠭᠠᠰᠤᠨ ᠤ ᠵᠢᠷᠤᠮ ᠤᠨ | ᠴᠡᠷᠢᠭ ᠡᠮᠦᠨᠡᠰᠢ ᠨᠡᠶᠢᠰᠯᠡᠯ ᠳᠤ ᠣᠶᠢᠷᠠᠳᠬᠤ ᠦᠶ᠎ᠡ ᠳᠤ᠂ ᠡᠯ ᠵᠦ ᠷᠦᠩ ᠴᠡᠷᠢᠭ ᠢᠶᠠᠨ ᠳᠠᠭᠠᠭᠤᠯᠤᠨ | ᠪᠡᠶ᠎ᠡ ᠪᠠᠷ ᠢᠶᠠᠨ ᠤᠰᠠᠳᠬᠠᠵᠤ᠂ ᠾᠧᠦ ᠵᠢᠩ ᠢ ᠬᠤᠰᠢᠭᠤᠴᠢ ᠪᠣᠯᠭᠠᠵᠠᠢ᠃ ᠡᠨᠡ ᠤᠳᠠᠭᠠᠨ ᠤ ᠪᠠᠶᠢᠯᠳᠤᠭᠠᠨ ᠳᠤ | ᠾᠧᠦ ᠵᠢᠩ᠂ ᠭᠧ ᠷᠦᠩ ᠤᠨ ᠴᠡᠷᠢᠭ ᠢ ᠶᠡᠭᠡ ᠪᠠᠷ ᠢᠯᠠᠵᠤ᠂ ᠭᠧ ᠷᠦᠩ ᠢ ᠠᠮᠢᠳᠤ ᠪᠠᠷ ᠪᠠᠷᠢᠵᠤ᠂ ᠳ᠋ᠢᠩᠵᠸᠤ ᠶᠢᠨ | ᠮᠡᠳᠡᠭᠴᠢ ᠪᠠᠷ ᠳᠡᠪᠰᠢᠭᠦᠯᠵᠦ᠂ ᠫᠦᠶᠠᠩ ᠤᠨ ᠵᠢᠶᠦ᠋ᠨ ᠤ ᠨᠣᠶᠠᠨ ᠢᠶᠠᠷ ᠡᠷᠭᠦᠮᠵᠢᠯᠡᠭᠳᠡᠪᠡ᠃ ᠤᠳᠠᠯ ᠦᠭᠡᠢ᠂ ᠡᠯ ᠵᠦ | ᠷᠦᠩ᠂ ᠭᠤᠤ ᠬᠤᠸᠠᠨ ᠳᠤ ᠤᠰᠠᠳᠬᠠᠭᠳᠠᠪᠠ᠃ ᠾᠧᠦ ᠵᠢᠩ ᠭᠤᠤ ᠬᠤᠸᠠᠨ ᠯᠤᠭ᠎ᠠ ᠶᠢᠨ ᠪᠠᠭᠠᠴᠤᠳ ᠤᠨ | ᠨᠥᠬᠦᠷᠯᠡᠯ ᠢᠶᠠᠷ ᠴᠡᠷᠢᠭ ᠠᠩᠬᠢ ᠪᠠᠨ ᠳᠠᠭᠠᠭᠤᠯᠤᠨ ᠭᠤᠤ ᠬᠤᠸᠠᠨ ᠳᠤ ᠪᠠᠭᠤᠨ ᠥᠭᠴᠦ᠂ ᠭᠤᠤ ᠬᠤᠸᠠᠨ ᠳᠤ | ᠬᠦᠨᠳᠦ ᠪᠠᠷ ᠬᠡᠷᠡᠭᠯᠡᠭᠳᠡᠪᠡ᠃ ᠡᠾᠸᠤ ᠵᠢᠩ ᠴᠡᠷᠢᠭ ᠵᠠᠰᠠᠬᠤ ᠳᠤ ᠬᠠᠲᠠᠭᠤ ᠴᠢᠩᠭ᠎ᠠ᠂ ᠤᠳᠠᠭ᠎ᠠ ᠪᠦᠷᠢ ᠳᠠᠶᠢᠰᠤᠨ ᠢ | ᠡᠪᠳᠡᠭᠰᠡᠨ ᠤ ᠲᠠᠷᠠᠭ᠎ᠠ ᠪᠤᠯᠢᠶᠠᠨ ᠠᠪᠤᠭᠰᠠᠨ ᠡᠳ᠋ ᠬᠤᠭᠰᠢᠯ ᠢ ᠲᠡᠷᠡ ᠰᠣᠬᠤᠷ ᠵᠣᠭᠤᠰ ᠴᠤ ᠠᠪᠬᠤ ᠦᠭᠡᠢ᠂ ᠪᠦᠷ | ᠵᠡᠷᠭᠡ ᠳᠡᠰ ᠢᠶᠠᠷ ᠨᠢ ᠳᠠᠷᠤᠭ᠎ᠠ ᠪᠠᠶᠢᠯᠳᠤᠭᠴᠢ ᠳᠤ ᠱᠠᠩᠨᠠᠳᠠᠭ᠂ ᠡᠶᠢᠮᠦ ᠠᠴᠠ ᠳᠠᠷᠤᠭ᠎ᠠ ᠪᠠᠶᠢᠯᠳᠤᠭᠴᠢᠳ ᠴᠥᠮ | ᠲᠡᠭᠦᠨ ᠤ ᠲᠥᠯᠥᠭᠡ ᠴᠢᠳᠠᠯ ᠢᠶᠠᠷ ᠢᠶᠠᠨ ᠴᠢᠷᠮᠠᠶᠢᠬᠤ ᠳᠤᠷᠠᠲᠠᠢ ᠪᠠᠶᠢᠳᠠᠭ᠃ ᠳᠠᠭᠠᠷᠢᠯᠲᠠ ᠬᠢᠪᠡᠯ ᠣᠯᠠᠨ ᠢᠯᠠᠯᠲᠠ | ᠣᠯᠤᠨ᠎ᠠ᠃ ᠾᠧᠦ ᠵᠢᠩ ᠴᠡᠷᠢᠭ ᠤᠨ ᠡᠷᠬᠡ ᠡᠳᠦᠷ ᠢᠷᠡᠬᠦᠶ᠎ᠡ ᠬᠦᠨᠳᠦ ᠪᠣᠯᠵᠤ᠂ ᠠᠭᠠᠵᠢᠮ ᠢᠶᠠᠷ ᠭᠤᠣ | ᠬᠤᠸᠠᠨ ᠲᠠᠢ ᠲᠥᠰᠦᠭᠡᠲᠡᠶ ᠪᠣᠯᠵᠤ᠂ ᠬᠠᠭᠠᠨᠲᠤ ᠲᠥᠷᠥ ᠠᠴᠠ ᠲᠡᠭᠦᠨ ᠢ ᠰᠧ ᠲᠥ᠋᠂ ᠨᠠᠨ ᠳ᠋ᠤᠤ ᠰᠢᠩ ᠲᠠᠢ ᠪᠠᠷ | ᠲᠣᠮᠢᠯᠠᠵᠤ᠂ 10 ᠲᠦᠮᠡᠨ ᠴᠡᠷᠢᠭ ᠳᠠᠶᠢᠴᠢᠯᠠᠨ᠂ ᠬᠠᠲᠤᠨ ᠭᠤᠣᠯ ᠠᠴᠠ ᠡᠮᠦᠨᠡᠰᠢ ᠭᠠᠵᠠᠷ ᠢ ᠵᠠᠬᠢᠷᠬᠤ ᠪᠠᠷ ᠪᠣᠯᠪᠠ᠃ | | ᠣᠨ ᠲᠣᠭᠠᠯᠠᠯ ᠤᠨ 547 ᠣᠨ ᠳᠤ ᠭᠤᠤ ᠬᠦ᠋ᠤᠠᠨ ᠦᠬᠦᠪᠡ᠃ ᠭᠤᠤ ᠬᠤᠸᠠᠨ ᠤ ᠥᠪ ᠵᠠᠯᠭᠠᠮᠵᠢᠯᠠᠭᠴᠢ | ᠭᠤᠤ ᠶᠠᠩ᠂ ᠾᠧᠦ ᠵᠢᠩ ᠤᠨ ᠡᠷᠬᠡ ᠰᠦᠷ ᠬᠡᠲᠦᠷᠬᠡᠢ ᠬᠦᠨᠳᠦ ᠪᠣᠯᠬᠤ ᠠᠴᠠ ᠠᠶᠤᠵᠤ᠂ ᠠᠷᠢᠯᠭᠠᠬᠤ ᠪᠠᠷ | ᠤᠷᠤᠯᠳᠤᠪᠠ᠃ ᠾᠧᠦ ᠵᠢᠩ ᠰᠡᠷᠡᠵᠦ ᠮᠡᠳᠡᠭᠡᠳ ᠤᠮᠠᠷᠠᠰᠢ ᠤᠷᠪᠠᠵᠤ᠂ ᠡᠮᠦᠨᠡᠰᠢ ᠯᠢᠶᠠᠩ ᠡᠦ ᠳ᠋ᠢ ᠬᠠᠭᠠᠨ ᠳᠤ | ᠪᠠᠭᠤᠵᠤ ᠥᠭᠬᠦ ᠪᠠᠷ ᠭᠤᠶᠤᠴᠢᠯᠠᠪᠠ᠃ ᠯᠢᠶᠠᠩ ᠡᠦ ᠳ᠋ᠢ ᠬᠠᠭᠠᠨ ᠾᠧᠦ ᠵᠢᠩ ᠤᠨ ᠡᠵᠡᠮᠰᠢᠯ ᠳᠤ ᠪᠠᠶᠢᠭᠰᠠᠨ ᠬᠠᠲᠤᠨ | ᠭᠤᠣᠯ ᠠᠴᠠ ᠡᠮᠦᠨᠡᠰᠢᠬᠢ ᠭᠠᠵᠠᠷ ᠢ ᠳᠤᠷᠠᠲᠠᠶ᠎ᠠ ᠵᠥᠪᠰᠢᠶᠡᠷᠡᠵᠦ᠂ ᠡᠾᠸᠦ ᠵᠢᠩ ᠢ ᠾᠧᠨᠠᠨ ᠤ ᠸᠠᠩ᠂ ᠶᠡᠭᠡ | ᠵᠠᠩᠵᠤᠨ ᠢᠶᠠᠷ ᠡᠷᠭᠦᠮᠵᠢᠯᠡᠨ᠂ ᠵᠢᠶᠧ ᠳ᠋ᠦ᠋ ᠳ᠋ᠦ᠋ ᠾᠧᠨᠠᠨ ᠤ ᠤᠮᠠᠷᠠᠲᠤ ᠬᠡᠰᠡᠭ ᠤᠨ ᠣᠯᠠᠨ ᠴᠡᠷᠢᠭ ᠤᠨ ᠶᠠᠪᠤᠳᠠᠯ ᠢ | ᠬᠠᠮᠢᠶᠠᠷᠤᠭᠤᠯᠵᠠᠶ᠃ | ᠾᠧᠦ ᠵᠢᠩ ᠠᠯᠢ ᠬᠡᠳᠦ᠋ᠢᠨ ᠠᠴᠠ ᠯᠢᠶᠠᠩ ᠤᠯᠤᠰ ᠢ ᠮᠥᠬᠦᠭᠡᠬᠦ ᠰᠠᠨᠠᠭ᠎ᠠ ᠲᠠᠢ ᠪᠠᠶᠢᠭᠰᠠᠨ ᠪᠣᠯᠪᠠᠴᠤ᠂ | ᠲᠡᠭᠦᠨ ᠢ ᠲᠦᠰᠢᠬᠦ ᠨᠢ ᠲᠦᠷ ᠵᠠᠭᠤᠷ᠎ᠠ ᠶᠢᠨ ᠠᠷᠭ᠎ᠠ ᠲᠡᠳᠦᠢ ᠶᠤᠮ᠃ ᠡᠶᠢᠮᠦ ᠠᠴᠠ ᠳᠡᠮᠡᠢ ᠤᠳᠠᠭᠰᠠᠨ ᠦᠭᠡᠢ᠂ | ᠱᠸᠦ ᠴᠦᠨ ᠠᠴᠠ ᠴᠡᠷᠢᠭ ᠡᠭᠦᠰᠭᠡᠨ᠂ ᠨᠢᠭᠡ ᠵᠠᠮ ᠭᠠᠯᠳᠠᠵᠤ ᠳᠡᠭᠡᠷᠡᠮᠳᠡᠭᠡᠳ᠂ ᠨᠡᠶᠢᠰᠯᠡᠯ ᠵᠢᠶᠠᠨᠺᠠᠩ ᠳᠤ ᠬᠦᠷᠴᠡᠢ᠃ | ᠯᠢᠶᠠᠩ ᠡᠦ ᠳ᠋ᠢ ᠬᠠᠭᠠᠨ ᠶᠡᠬᠡᠳᠡ ᠰᠣᠴᠢᠨ ᠴᠡᠷᠢᠭ ᠲᠣᠮᠢᠯᠠᠨ ᠵᠠᠩᠵᠤᠨ ᠲᠣᠮᠢᠯᠠᠵᠤ ᠪᠠᠶᠢᠯᠳᠤᠬᠤ ᠪᠦᠷᠢ ᠢᠯᠠᠭᠳᠠᠵᠤ | ᠂ ᠵᠢᠯ ᠤᠨ ᠡᠴᠦᠰ ᠲᠤ ᠾᠧᠦ ᠵᠢᠩ ᠵᠢᠶᠠᠨᠺᠠᠩ ᠬᠤᠲᠠ ᠶᠢᠨ ᠳᠣᠣᠷ᠎ᠠ ᠴᠣᠬᠢᠵᠤ ᠬᠦᠷᠦᠯ᠎ᠡ᠃ ᠾᠧᠦ ᠵᠢᠩ | ᠬᠤᠳᠠ ᠶᠢ ᠳᠣᠪᠲᠣᠯᠬᠤ ᠶᠢᠨ ᠲᠥᠯᠥᠭᠡ᠂ ᠬᠡᠳᠦᠨ ᠲᠦᠮᠡᠨ ᠠᠷᠠᠳ ᠢ ᠦᠯᠳᠡᠨ ᠬᠤᠳᠠ ᠶᠢᠨ ᠭᠠᠳᠠᠨ᠎ᠠ ᠰᠢᠷᠣᠢ | ᠣᠪᠣᠭᠠᠯᠠᠨ ᠠᠭᠤᠯᠠ ᠪᠠᠷᠢᠭᠤᠯᠵᠤ᠂ ᠠᠷᠪᠠᠨ ᠬᠡᠳᠦᠨ ᠡᠳᠦᠷ ᠤᠨ ᠳᠣᠲᠣᠷ᠎ᠠ ᠡᠳᠦᠷ ᠰᠥᠨᠢ ᠵᠣᠭᠰᠣᠯ ᠦᠭᠡᠢ | ᠠᠵᠢᠯᠯᠠᠵᠤ᠂ ᠬᠥᠮᠦᠰ ᠪᠠᠭ᠎ᠠ ᠯᠠ ᠬᠤᠶᠢᠷᠭᠤᠰᠢᠪᠠᠯ᠂ ᠭᠤᠲᠤᠭᠠᠭᠳᠠᠨ ᠬᠠᠷᠢᠶᠠᠭᠳᠠᠵᠤ᠂ ᠥᠯᠥᠰᠴᠦ ᠥᠯᠪᠡᠷᠴᠦ᠂ | ᠶᠠᠳᠠᠵᠤ ᠵᠦᠳᠡᠭᠰᠡᠨ᠂ ᠡᠴᠡᠵᠦ ᠲᠤᠷᠠᠭᠰᠠᠨ ᠬᠥᠮᠦᠨ ᠢ ᠨᠢᠭᠡᠮᠦᠰᠦᠨ ᠰᠢᠷᠣᠢ ᠳᠤ ᠪᠥᠭᠯᠡᠳᠡᠭ᠃ ᠾᠧᠦ ᠵᠢᠩ᠂ ᠳ᠋ᠦᠩ | ᠹᠦ᠋ ᠬᠤᠳᠠ ᠶᠢ ᠪᠠᠶᠢᠯᠳᠤᠨ ᠡᠵᠡᠯᠡᠵᠦ᠂ ᠪᠠᠶᠢᠯᠳᠤᠭᠴᠢᠳ ᠲᠠᠭᠠᠨ ᠤᠷᠳᠤ ᠢᠯᠳᠦ ᠠᠳᠬᠤᠨ ᠬᠤᠳᠠ ᠶᠢᠨ | ᠬᠠᠭᠠᠯᠭ᠎ᠠ ᠶᠢᠨ ᠪᠠᠷᠠᠭᠤᠨ ᠲᠠᠯ᠎ᠠ ᠳᠤ ᠵᠢᠭᠰᠠᠵᠤ᠂ ᠬᠤᠳᠠ ᠶᠢᠨ ᠳᠣᠲᠣᠷᠠᠬᠢ ᠪᠢᠴᠢᠭ ᠴᠡᠷᠢᠭ ᠤᠨ ᠨᠣᠶᠠᠳ ᠢ | ᠬᠥᠭᠡᠭᠡᠨ ᠶᠠᠪᠤᠭᠤᠯᠵᠤ᠂ ᠬᠤᠪᠴᠠᠰᠤ ᠬᠤᠨᠠᠷ ᠢ ᠨᠢ ᠲᠠᠶᠢᠢᠯᠵᠤ᠂ ᠨᠢᠴᠦᠭᠦᠨ ᠢᠶᠠᠷ ᠬᠤᠳᠠ ᠠᠴᠠ ᠭᠠᠷᠴᠤ᠂ ᠴᠡᠷᠢᠭ | ᠪᠠᠶᠢᠯᠳᠤᠭᠴᠢᠳ ᠨᠢ ᠡᠭᠡᠯᠵᠢᠯᠡᠨ ᠴᠠᠪᠴᠢᠭᠳᠠᠨ ᠠᠯᠠᠭᠳᠠᠵᠤ᠂ ᠬᠤᠶᠠᠷ ᠮᠢᠩᠭ᠎ᠠ ᠭᠠᠷᠤᠢ ᠬᠥᠮᠦᠨ ᠠᠯᠠᠭᠳᠠᠵᠠᠢ᠃ | ᠾᠧᠦ ᠵᠢᠩ ᠲᠠᠢ ᠴᠧᠩ ᠬᠤᠲᠠ ᠶᠢ ᠡᠵᠡᠯᠡᠭᠰᠡᠨ ᠤ ᠳᠠᠷᠠᠭ᠎ᠠ᠂ ᠬᠤᠲᠠ ᠶᠢᠨ ᠳᠣᠲᠣᠷᠠᠬᠢ ᠪᠤᠯᠠᠵᠤ ᠠᠮᠵᠢᠭᠰᠠᠨ ᠦᠭᠡᠶ | ᠦᠬᠦᠳᠡᠯ ᠤᠨ ᠳᠣᠲᠣᠷ᠎ᠠ ᠠᠮᠢᠰᠬᠤᠭ᠎ᠠ ᠨᠢ ᠲᠠᠲᠠᠭᠳᠠᠭᠰᠠᠨ ᠨᠢ ᠪᠦᠷ ᠣᠪᠣᠭᠠᠯᠠᠵᠤ᠂ ᠭᠠᠯ ᠲᠠᠯᠪᠢᠨ ᠰᠢᠲᠠᠭᠠᠵᠠᠶ᠂ | ᠲᠡᠭᠦᠨ ᠤ ᠦᠨᠦᠷ ᠨᠢ ᠠᠷᠪᠠᠨ ᠭᠠᠵᠠᠷ ᠤᠨ ᠬᠤᠯᠠ ᠠᠴᠠ ᠤᠯᠠᠮᠵᠢᠯᠠᠭᠳᠠᠵᠤ᠂ ᠬᠡᠳᠦᠨ ᠡᠳᠦᠷ ᠰᠠᠷᠨᠢᠭᠰᠠᠨ ᠦᠭᠡᠶ᠃ | ᠵᠢᠶᠠᠨᠺᠠᠩ ᠬᠤᠲᠠ ᠡᠪᠳᠡᠷᠡᠵᠦ᠂ ᠴᠢᠨ᠋᠊ ᠣᠠ᠋ ᠶᠢ ᠭᠡᠷ ᠲᠡᠭᠡᠨ ᠣᠷᠣᠭᠤᠯᠤᠭᠰᠠᠨ ᠯᠢᠶᠠᠩ ᠡᠦ ᠳ᠋ᠢ ᠬᠠᠭᠠᠨ ᠾᠧᠦ ᠵᠢᠩ | ᠸᠧᠶ ᠳᠤ ᠰᠢᠬᠠᠮᠳᠠᠭᠳᠠᠨ ᠥᠯᠪᠡᠷᠴᠦ ᠥᠭᠦᠪᠡ᠃ ᠳᠠᠷᠠᠭ᠎ᠠ ᠵᠢᠯ ᠨᠢ᠂ ᠾᠧᠦ ᠵᠢᠩ ᠴᠡᠷᠢᠭ ᠳᠠᠭᠠᠭᠤᠯᠤᠨ ᠭᠦ᠋ᠤᠠᠩ | ᠯᠢᠩ ᠢ ᠳᠠᠭᠠᠷᠢᠨ ᠡᠵᠡᠯᠡᠵᠦ᠂ ᠬᠤᠲᠠᠨ ᠳᠠᠬᠢ ᠠᠷᠠᠳ ᠢᠷᠭᠡᠳ ᠢ ᠪᠠᠷᠢᠪᠴᠢᠯᠠᠪᠠ᠂ ᠡᠷᠡᠭᠲᠡᠢ ᠡᠮᠡᠭᠲᠡᠢ ᠬᠥᠭᠰᠢᠨ | ᠵᠠᠯᠠᠭᠤ ᠭᠡᠰᠡᠨ ᠦᠭᠡᠢ᠂ ᠪᠦᠷ ᠳᠣᠣᠷ᠎ᠠ ᠬᠠᠭᠠᠰ ᠪᠡᠶ᠎ᠡ ᠪᠠᠨ ᠭᠠᠵᠠᠷ ᠲᠤ ᠪᠤᠯᠠᠵᠤ᠂ ᠳᠠᠷᠠᠭ᠎ᠠ ᠨᠢ ᠴᠡᠷᠢᠭ ᠢᠶᠠᠨ | ᠵᠠᠷᠯᠢᠭᠳᠠᠨ ᠮᠣᠷᠢ ᠪᠠᠨ ᠳᠠᠪᠬᠢᠭᠤᠯᠤᠨ ᠳᠠᠭᠠᠷᠢᠨ ᠠᠯᠠᠪᠠ᠃ ᠨᠠᠶᠢᠮᠠᠨ ᠮᠢᠩᠭ᠎ᠠ ᠭᠠᠷᠤᠢ ᠬᠥᠮᠦᠨ ᠨᠢᠭᠡ ᠦᠶ᠎ᠡ | ᠪᠦᠬᠦᠨ ᠢᠶᠠᠷ ᠢᠶᠠᠨ ᠠᠯᠠᠭᠳᠠᠪᠠ᠃ | ᠣᠨ ᠲᠣᠭᠠᠯᠠᠯ ᠤᠨ 551 ᠣᠨ ᠤ ᠰᠡᠭᠦᠯᠴᠢ ᠪᠠᠷ᠂ ᠾᠧᠦ ᠵᠢᠩ ᠯᠢᠶᠠᠩ ᠤᠯᠤᠰ ᠢ ᠬᠦᠴᠦᠨ ᠦᠭᠡᠶ | ᠪᠣᠯᠭᠠᠨ᠂ ᠥᠪᠡᠷ ᠤᠨ ᠪᠡᠶ᠎ᠡ ᠪᠠᠨ ᠬᠠᠨ ᠤᠯᠤᠰ ᠤᠨ ᠬᠠᠭᠠᠨ ᠡᠷᠭᠦᠮᠵᠢᠯᠡᠵᠡᠶ᠃ ᠭᠡᠪᠡᠴᠦ ᠵᠥᠪᠬᠡᠨ 120 | ᠡᠳᠦᠷ ᠤᠨ ᠬᠠᠭᠠᠨ ᠰᠠᠭᠤᠭᠠᠳ᠂ ᠸᠠᠩ ᠯᠠᠮᠠ ᠮᠠᠷᠭᠤᠵᠤ᠂ ᠴᠧᠨ ᠪᠠ ᠰᠢᠶᠠᠨ ᠨᠠᠷ ᠴᠡᠷᠢᠭ ᠳᠠᠶᠢᠴᠢᠯᠠᠨ ᠢᠯᠠᠭᠳᠠᠵᠤ | ᠂ ᠤᠷᠭᠤᠨ ᠳᠤᠲᠠᠭᠠᠬᠤ ᠦᠶ᠎ᠡ ᠳᠤ᠂ ᠰᠠᠨᠠᠮᠰᠠᠷ ᠦᠭᠡᠶ ᠪᠠᠰᠠ ᠳᠠᠭᠠᠭᠰᠠᠳ ᠲᠠᠭᠠᠨ ᠠᠯᠠᠭᠳᠠᠵᠠᠶ᠃ ᠾᠧᠦ ᠵᠢᠩ | ᠦᠬᠦᠭᠰᠡᠨ ᠤ ᠳᠠᠷᠠᠭ᠎ᠠ᠂ ᠲᠣᠯᠣᠭᠠᠢ ᠨᠢ ᠣᠨᠳᠣᠣ ᠭᠠᠵᠠᠷ ᠲᠤ ᠪᠠᠶᠢᠷᠢᠯᠠᠵᠤ᠂ ᠲᠣᠯᠣᠭᠠᠢ ᠨᠢ ᠵᠢᠶᠠᠩ ᠯᠢᠩ ᠳᠤ | ᠬᠦᠷᠭᠡᠭᠳᠡᠵᠦ᠂ ᠵᠠᠬ᠎ᠠ ᠳᠡᠯᠭᠡᠭᠦᠷ ᠳᠡᠭᠡᠷ᠎ᠡ ᠡᠯᠭᠦᠭᠳᠡᠨ ᠤᠯᠠᠨ ᠳᠤ ᠦᠵᠡᠭᠦᠯᠪᠡ᠃ ᠪᠡᠶ᠎ᠡ ᠮᠠᠬᠠᠪᠣᠳ ᠢ ᠨᠢ | ᠳᠠᠮᠵᠢᠭᠤᠯᠤᠨ ᠵᠢᠶᠠᠨᠺᠠᠩ᠂ ᠵᠡᠭᠡᠯᠢ ᠳᠡᠭᠡᠷ᠎ᠡ ᠲᠠᠯᠪᠢᠵᠤ ᠬᠡᠭᠦᠷ ᠢ ᠨᠢ ᠢᠯᠡᠴᠢᠯᠡᠪᠡ᠃ | |