︽ᠰᠢᠯᠢᠳᠡᠭ ᠵᠠᠯᠠᠭᠤᠰ ᠤᠨ ᠥᠪᠡᠷ ᠢᠶᠠᠨ ᠰᠤᠷᠬᠤ ᠭᠠᠵᠠᠷ︾ ᠤᠨ ᠠᠩᠬᠠᠨ ᠤ ᠶᠠᠷᠢᠶ᠎ᠠ᠄ ᠣᠳᠣᠳ ᠤᠨ ᠳᠣᠣᠷ᠎ᠠ ᠵᠠᠯᠠᠭᠤ ᠨᠠᠰᠤᠨ ᠤ ᠴᠤᠭ ᠵᠢᠪᠬᠤᠭ᠎ᠠ ᠪᠠᠨ ᠬᠥᠭᠵᠢᠮᠳᠡᠨ᠎ᠡ
ᠨᠡᠶᠢᠲᠡᠯᠡᠭᠰᠡᠨ ᠴᠠᠭ᠄
2025/4/11
    ᠶᠠᠭᠠᠷᠠᠯᠲᠠᠢ ᠠᠵᠢᠯ ᠳᠠᠭᠤᠰᠤᠭᠰᠠᠨ ᠤ ᠳᠠᠷᠠᠭᠠᠬᠢ ᠦᠳᠡᠰᠢ ᠳᠤ᠂ ᠡᠶᠢᠮᠦ ᠨᠢᠭᠡ ᠪᠦᠯᠦᠭ ᠵᠠᠯᠠᠭᠤ ᠺᠠᠳ᠋ᠷ᠂ ᠲᠡᠳᠡ ᠰᠢᠨ᠎ᠡ ᠴᠠᠭ ᠦᠶ᠎ᠡ ᠶᠢᠨ ᠪᠣᠯᠪᠠᠰᠤᠨ ᠤ ᠦᠢᠯᠡᠳᠦᠯᠭᠡ ᠪᠠᠷ ᠠᠵᠢᠯ ᠤᠨ ᠴᠢᠯᠥᠭᠡᠨ ᠤ ᠰᠣᠶᠣᠯ ᠤᠨ ᠠᠮᠢᠳᠤᠷᠠᠯ ᠢ ᠪᠠᠶᠠᠯᠢᠭᠵᠢᠭᠤᠯᠵᠤ᠂ ᠰᠢᠩ ᠱᠦᠨ ᠰᠢ ᠪᠠᠯᠭᠠᠰᠤᠨ ᠤ ︽ᠰᠢᠯᠢᠳᠡᠭ ᠵᠠᠯᠠᠭᠤᠰ ᠤᠨ ᠥᠪᠡᠷ ᠢᠶᠠᠨ ᠰᠤᠷᠬᠤ ᠭᠠᠵᠠᠷ︾ ᠲᠤ ᠨᠢᠭᠡ ᠤᠳᠠᠭᠠᠨ ᠤ ᠠᠮᠢᠳᠤᠯᠢᠭ ᠰᠠᠶᠢᠬᠠᠨ ᠶᠠᠷᠢᠶᠠᠨ ᠤ ᠲᠠᠩᠬᠢᠮ ᠶᠠᠭ ᠬᠥᠷ ᠬᠥᠭᠵᠢᠶᠡᠨ ᠲᠠᠢ ᠶᠠᠪᠤᠭᠳᠠᠵᠤ᠂ ᠯᠧᠺᠲ᠋ᠣᠷ ᠬᠤᠸᠠᠩ ᠰᠧ ᠶᠤᠸᠠᠨ ᠠᠮᠠᠷᠬᠠᠨ ᠬᠤᠷᠰᠢᠯᠴᠠᠬᠤ ᠬᠡᠯᠪᠡᠷᠢ ᠪᠠᠷ ᠵᠠᠯᠠᠭᠤ ᠺᠠᠳ᠋ᠷᠴᠤᠳ ᠲᠤ ᠰᠤᠷᠤᠯᠴᠠᠵᠤ ᠰᠣᠯᠢᠯᠴᠠᠬᠤ ᠲᠣᠬᠢᠶᠠᠯ ᠬᠠᠩᠭᠠᠵᠤ᠂ ᠢᠳᠡᠪᠬᠢᠲᠡᠢ ᠪᠠᠷ ᠥᠭᠡᠳᠡᠯᠡᠨ ᠳᠠᠪᠰᠢᠬᠤ ᠰᠤᠷᠤᠯᠴᠠᠬᠤ ᠠᠭᠤᠷ ᠠᠮᠢᠰᠬᠤᠯ ᠢ ᠪᠣᠢ ᠪᠣᠯᠭᠠᠪᠠ᠃    ︽ᠰᠢᠯᠢᠳᠡᠭ ᠵᠠᠯᠠᠭᠤᠰ ᠤᠨ ᠥᠪᠡᠷ ᠢᠶᠠᠨ ᠰᠤᠷᠬᠤ ᠭᠠᠵᠠᠷ︾ ᠤᠨ ᠬᠢᠴᠢᠶᠡᠯ ᠤᠨ ᠲᠠᠩᠬᠢᠮ ᠳᠤ ᠣᠷᠣᠯᠴᠠᠭᠰᠠᠨ ᠺᠠᠳ᠋ᠷᠴᠤᠳ ᠤᠨ ᠣᠯᠠᠨ ᠢᠶᠠᠷ ᠢᠶᠠᠨ ᠰᠠᠶᠢᠨ ᠳᠤᠷ᠎ᠠ ᠠᠴᠠ ᠪᠠᠨ ︽ᠰᠤᠷᠤᠯᠴᠠᠯᠭ᠎ᠠ ᠶᠢᠨ ᠬᠦᠷᠢᠶ᠎ᠡ︾ ᠪᠣᠯᠵᠣ᠂ ᠣᠶᠢᠷ᠎ᠠ ᠵᠠᠢ ᠶᠢᠨ ᠰᠣᠯᠢᠯᠴᠠᠭᠠᠨ ᠤ ᠬᠢᠴᠢᠶᠡᠯ ᠤᠨ ᠲᠠᠩᠬᠢᠮ ᠢ ᠪᠦᠷᠢᠯᠳᠦᠭᠦᠯᠪᠡ᠃ ᠬᠢᠴᠢᠶᠡᠯᠯᠡᠬᠦ ᠯᠧᠺᠲ᠋ᠣᠷ ᠠᠮᠢᠰᠬᠤᠯ ᠤᠨ ᠡᠵᠡᠮᠰᠢᠯ ᠢ ᠡᠵᠡᠮᠳᠡᠬᠦ᠂ ᠳᠠᠭᠤᠨ ᠤ ᠤᠭ ᠶᠣᠰᠣ᠂ ᠠᠪᠢᠶᠠᠨ ᠤ ᠣᠨᠣᠪᠴᠢᠲᠠᠢ ᠠᠶᠢᠵᠠᠮ ᠵᠡᠷᠭᠡ ᠰᠠᠭᠤᠷᠢ ᠮᠡᠳᠡᠯᠭᠡ ᠠᠴᠠ ᠭᠠᠷᠳᠠᠵᠤ᠂ ᠣᠶᠢᠯᠠᠭᠠᠮᠵᠢᠲᠠᠢ ᠬᠡᠷᠡᠭ ᠤᠨ ᠵᠢᠱᠢᠶ᠎ᠡ ᠲᠠᠢ ᠤᠶᠠᠯᠳᠤᠭᠤᠯᠤᠨ᠂ ᠰᠤᠷᠤᠭᠴᠢᠳ ᠢ ᠬᠠᠪᠰᠤᠷᠤᠨ ᠰᠢᠨᠵᠢᠯᠡᠬᠦ ᠤᠬᠠᠭᠠᠨᠴᠢ ᠪᠠᠷ ᠳᠠᠭᠤ ᠭᠠᠷᠭᠠᠬᠤ ᠠᠷᠭ᠎ᠠ ᠶᠢ ᠣᠶᠢᠯᠠᠭᠠᠭᠤᠯᠪᠠ᠃ ᠲᠤᠬᠠᠢ ᠶᠢᠨ ᠲᠠᠯᠠᠪᠤᠷ ᠲᠤ ᠵᠢᠱᠢᠶ᠎ᠡ ᠦᠵᠡᠭᠦᠯᠦᠨ ᠵᠢᠭᠠᠨ ᠰᠤᠷᠭᠠᠬᠤ ᠪᠠᠷ ᠳᠠᠮᠵᠢᠭᠤᠯᠤᠨ᠂ ᠰᠤᠷᠤᠭᠴᠢᠳ ᠢ ᠵᠢᠯᠣᠭᠤᠳᠤᠨ ᠬᠡᠪᠡᠯᠢ ᠳᠠᠬᠢ ᠠᠮᠢᠰᠬᠤᠯ᠂ ᠴᠤᠤᠷᠢᠶᠠᠲᠤᠬᠤ ᠵᠡᠷᠭᠡ ᠤᠷ᠎ᠠ ᠮᠡᠷᠭᠡᠵᠢᠯ ᠢ ᠡᠵᠡᠮᠰᠢᠭᠦᠯᠬᠦ ᠶᠢᠨ ᠬᠠᠮᠲᠤ ᠦᠷᠭᠦᠯᠵᠢ ᠲᠣᠬᠢᠶᠠᠯᠳᠤᠬᠤ ᠳᠠᠭᠤᠨ ᠤ ᠰᠦᠭᠡᠩᠬᠢ᠂ ᠠᠮᠢᠰᠬᠤᠯ ᠬᠦᠷᠦᠯᠴᠡᠬᠦ ᠦᠭᠡᠢ ᠵᠡᠷᠭᠡ ᠠᠰᠠᠭᠤᠳᠠᠯ ᠳᠤ ᠴᠢᠭᠯᠡᠭᠦᠯᠦᠨ ᠬᠠᠨᠳᠤᠯᠭᠠᠲᠤ ᠴᠢᠨᠠᠷᠲᠠᠢ ᠪᠠᠷ ᠵᠠᠯᠠᠷᠠᠭᠤᠯᠪᠠ᠃ ᠵᠢᠭᠠᠨ ᠰᠤᠷᠭᠠᠯᠲᠠ ᠶᠢᠨ ᠲᠤᠬᠠᠢ ᠶᠢᠨ ᠲᠠᠯᠠᠪᠠᠢ ᠳᠤ ᠬᠠᠷᠢᠯᠴᠠᠨ ᠬᠥᠳᠡᠯᠬᠦ ᠲᠥᠷᠥᠭᠳᠡᠯ ᠭᠦᠢᠴᠡᠳ ᠪᠠᠶᠢᠵᠤ᠂ ᠬᠥᠭᠵᠢᠮ ᠤᠨ ᠰᠤᠷᠤᠯᠴᠠᠯᠭ᠎ᠠ ᠶᠢᠨ ᠳᠤᠮᠳᠠᠬᠢ ᠲᠥᠭᠡᠷᠢᠭᠳᠡᠯ ᠤᠨ ᠲᠣᠭᠤᠷᠢᠨ ᠳᠤ ᠢᠳᠡᠪᠬᠢᠲᠡᠢ ᠠᠰᠠᠭᠤᠯᠲᠠ ᠠᠰᠠᠭᠤᠵᠤ᠂ ᠯᠧᠺᠲ᠋ᠣᠷ ᠬᠤᠪᠢ ᠬᠥᠮᠦᠨ ᠤ ᠲᠤᠷᠰᠢᠯᠭ᠎ᠠ ᠲᠠᠢ ᠪᠠᠨ ᠤᠶᠠᠯᠳᠤᠭᠤᠯᠤᠨ ᠮᠠᠳᠠᠭ ᠲᠠᠢ ᠠᠰᠠᠭᠤᠳᠠᠯ ᠢ ᠬᠠᠷᠢᠭᠤᠯᠵᠤ᠂ ᠲᠤᠬᠠᠢ ᠶᠢᠨ ᠲᠠᠯᠠᠪᠠᠢ ᠶᠢᠨ ᠠᠭᠤᠷ ᠠᠮᠢᠰᠬᠤᠯ ᠬᠥᠭᠵᠢᠶᠡᠨᠲᠡᠢ ᠪᠠᠶᠢᠯ᠎ᠠ᠃    ᠬᠢᠴᠢᠶᠡᠯ ᠤᠨ ᠲᠡᠭᠦᠰᠬᠡᠯ ᠳᠤ᠂ ᠰᠤᠷᠤᠭᠴᠢᠳ ᠰᠢᠨᠵᠢᠯᠡᠬᠦ ᠤᠬᠠᠭᠠᠨᠴᠢ ᠪᠠᠷ ᠳᠠᠭᠤ ᠭᠠᠷᠭᠠᠬᠤ ᠠᠷᠭ᠎ᠠ ᠶᠢ ᠠᠩᠬ᠎ᠠ ᠠᠯᠬᠤᠮ ᠡᠵᠡᠮᠰᠢᠵᠦ᠂ ᠬᠤᠭᠤᠯᠠᠢ ᠪᠠᠨ ᠠᠳᠡᠬᠦᠦ ᠬᠡᠷᠡᠭᠯᠡᠬᠦ ᠶᠢ ᠵᠠᠯᠠᠷᠠᠭᠤᠯᠵᠤ᠂ ᠳᠤᠷ᠎ᠠ ᠰᠣᠨᠢᠷᠬᠠᠯ ᠢ ᠬᠥᠭᠵᠢᠭᠡᠬᠦ ᠪᠠ ᠤᠷ᠎ᠠ ᠴᠢᠳᠠᠪᠤᠷᠢ ᠶᠢ ᠳᠡᠭᠡᠭᠰᠢᠯᠡᠭᠦᠯᠬᠦ ᠶᠢ ᠪᠡᠶᠡᠯᠡᠭᠦᠯᠵᠦ᠂ ᠪᠠᠰᠠ ᠰᠠᠯᠠᠭ᠎ᠠ ᠮᠥᠴᠢᠷ ᠠᠯᠤᠰᠯᠠᠭᠰᠠᠨ ᠵᠠᠯᠠᠭᠤ ᠺᠠᠳ᠋ᠷᠴᠤᠳ ᠤᠨ ᠰᠣᠯᠢᠯᠴᠠᠭ᠎ᠠ ᠶᠢ ᠨᠡᠮᠡᠭᠳᠡᠭᠦᠯᠵᠦ᠂ ᠠᠵᠢᠯ ᠤᠨ ᠳᠠᠷᠤᠯᠲᠠ ᠶᠢ ᠬᠥᠩᠭᠡᠷᠡᠭᠦᠯᠪᠡ᠃ ᠳᠠᠭᠤᠨ ᠬᠥᠭᠵᠢᠮ ᠤᠨ ᠯᠧᠺᠲ᠋ᠣᠷ ᠬᠤᠸᠠᠩ ᠰᠧ ᠶᠤᠸᠠᠨ ᠶᠠᠷᠢᠶᠠᠨ ᠤ ᠲᠠᠩᠬᠢᠮ ᠳᠠᠬᠢ ᠲᠤᠰᠬᠠᠢ ᠮᠡᠷᠭᠡᠵᠢᠯ ᠤᠨ ᠴᠢᠨᠠᠷ ᠪᠠ ᠭᠠᠷᠮᠠᠭᠠᠢ ᠢᠯᠡᠷᠡᠯ ᠢ ᠦᠨᠳᠦᠰᠦᠯᠡᠨ᠂ ︽ᠰᠢᠯᠢᠳᠡᠭ ᠵᠠᠯᠠᠭᠤᠰ ᠤᠨ ᠥᠪᠡᠷ ᠢᠶᠠᠨ ᠰᠤᠷᠬᠤ ᠭᠠᠵᠠᠷ︾ ᠢᠶᠠᠷ ᠲᠡᠭᠦᠨ ᠳᠤ ᠦᠨᠡᠮᠯᠡᠯ ᠣᠯᠭᠤᠵᠤ᠂ ᠪᠠᠶᠢᠩᠭᠤ ᠰᠠᠭᠤᠭ᠎ᠠ ᠯᠧᠺᠲ᠋ᠣᠷ ᠢᠶᠠᠷ ᠵᠢᠩᠬᠢᠨᠢ ᠪᠠᠷ ᠤᠷᠢᠵᠤ ᠬᠡᠷᠡᠭᠯᠡᠨ᠎ᠡ᠂ ᠲᠡᠷᠡ ᠢᠲᠡᠭᠡᠯ ᠢ ᠬᠥᠰᠡᠷᠳᠡᠭᠦᠯᠬᠦ ᠦᠭᠡᠢ ᠪᠠᠷ ᠵᠢᠭᠠᠨ ᠰᠤᠷᠭᠠᠯᠲᠠ ᠶᠢᠨ ᠠᠭᠤᠯᠭ᠎ᠠ ᠪᠠᠨ ᠲᠠᠰᠤᠷᠠᠯᠲᠠ ᠦᠭᠡᠢ ᠰᠢᠯᠢᠳᠡᠭᠵᠢᠭᠦᠯᠵᠦ᠂ ᠵᠠᠯᠠᠭᠤ ᠺᠠᠳ᠋ᠷᠴᠤᠳ ᠲᠤ ᠨᠡᠩ ᠥᠨᠳᠥᠷ ᠶᠠᠰᠤ ᠴᠢᠨᠠᠷ ᠲᠠᠢ ᠬᠥᠭᠵᠢᠮ ᠤᠨ ᠬᠢᠴᠢᠶᠡᠯ ᠢ ᠠᠪᠴᠢᠷᠠᠵᠤ ᠥᠭᠭᠦᠨ᠎ᠡ ᠭᠡᠵᠦ ᠢᠯᠡᠳᠬᠡᠪᠡ᠃ 
 
ᠢᠷᠡᠯᠲᠡ᠄ ᠰᠢᠩ ᠱᠦᠨ ᠰᠢ ᠪᠠᠯᠭᠠᠰᠤᠨ ᠤ ᠠᠷᠠᠳ ᠤᠨ ᠵᠠᠰᠠᠭ ᠤᠨ ᠦᠷᠳᠦᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号