ᠶᠠᠫᠣᠨ ᠢ ᠡᠰᠡᠷᠭᠦᠴᠡᠬᠦ ᠳᠠᠶᠢᠨ ᠤ ᠬᠤᠰᠢᠭᠤᠴᠢ᠂ ᠪᠠ ᠶᠦᠨ ᠶᠢᠩ ᠰᠧᠯᠢᠩ
ᠨᠡᠶᠢᠲᠡᠯᠡᠭᠰᠡᠨ ᠴᠠᠭ᠄
2024/9/3
    2015 ᠣᠨ ᠤ 9 ᠰᠠᠷ᠎ᠠ ᠶᠢᠨ 2 ᠤᠨ ᠡᠳᠦᠷ᠂ ᠰᠢ ᠶᠢᠨ ᠫᠢᠩ ︽ᠳᠤᠮᠳᠠᠳᠤ ᠤᠯᠤᠰ ᠤᠨ ᠠᠷᠠᠳ ᠲᠦᠮᠡᠨ ᠤ ᠶᠠᠫᠣᠨ ᠢ ᠡᠰᠡᠷᠭᠦᠴᠡᠬᠦ ᠳᠠᠶᠢᠨ ᠢᠯᠠᠯᠲᠠ ᠣᠯᠤᠭᠰᠠᠨ 70 ᠵᠢᠯ ᠤᠨ ᠣᠢ︾ ᠳᠤᠷᠠᠰᠬᠠᠯ ᠤᠨ ᠲᠡᠮᠳᠡᠭ ᠣᠯᠭᠤᠬᠤ ᠶᠣᠰᠣᠯᠠᠯ ᠳᠡᠬᠡᠷ᠎ᠠ ᠶᠠᠷᠢᠶ᠎ᠠ ᠲᠠᠯᠪᠢᠪᠠ      ᠭᠦᠶᠡᠩ ᠰᠢᠶᠠᠨ ᠤ ᠰᠢ ᠳ᠋ᠧᠦ ᠫᠦ᠋ ᠪᠠᠯᠭᠠᠰᠤᠨ ᠤ ᠬᠣ᠋ ᠵᠢᠢ ᠲᠤ ᠲᠣᠰᠬᠤᠨ ᠤ ᠨᠠᠮ ᠤᠨ ᠬᠤᠷᠢᠶ᠎ᠠ ᠶᠢᠨ ᠭᠤᠸᠠᠨ ᠨᠢᠦ ᠵᠢᠦᠢ ᠲᠣᠰᠬᠤᠨ ᠤ ᠪᠠᠷᠠᠭᠤᠨ ᠲᠠᠯ᠎ᠠ ᠳᠤ ᠮᠠᠩᠨᠠᠢ ᠶᠢᠨ ᠣᠩᠭᠤᠨ ᠤ ᠬᠥᠰᠢᠶ᠎ᠡ ᠪᠣᠰᠬᠠᠵᠤ᠂ ᠳᠠᠷᠤᠢ ᠪᠠ ᠶᠦᠨ ᠶᠢᠩ ᠪᠣᠯᠤᠨ᠎ᠠ᠃    ᠪᠠ ᠶᠦᠨ ᠶᠢᠩ 1899 ᠣᠨ ᠤ 7 ᠰᠠᠷ᠎ᠠ ᠶᠢᠨ 26 ᠤ ᠡᠳᠦᠷ ᠳᠦᠷᠦᠵᠡᠶ᠃ ᠶᠠᠫᠣᠨ ᠢ ᠡᠰᠡᠷᠭᠦᠴᠡᠬᠦ ᠡᠮᠡᠭᠲᠡᠢ ᠺᠣᠮᠠᠨᠳ᠋ᠯᠠᠭᠴᠢ 1937 ᠣᠨ ᠤ ᠳᠣᠯᠣᠭᠠᠨ ᠰᠠᠷ᠎ᠠ ᠶᠢᠨ ᠳᠣᠯᠣᠭᠠᠨ ᠤ ᠬᠡᠷᠡᠭ ᠬᠤᠪᠢᠰᠤᠯ ᠤᠨ ᠳᠠᠷᠠᠭ᠎ᠠ᠂ ᠶᠠᠫᠣᠨ ᠴᠡᠷᠢᠭ ᠰᠦᠢᠶᠤᠸᠠᠨ ᠮᠤᠵᠢ ᠳᠤ ᠣᠷᠣᠵᠤ᠂ ᠪᠤᠭᠤᠲᠤ ᠶᠢ ᠡᠵᠡᠯᠡᠨ᠂ ᠬᠠᠭᠠᠰ ᠰᠦᠢᠶᠤᠸᠠᠨ ᠮᠤᠵᠢ ᠵᠠᠯᠭᠠᠭ᠎ᠠ ᠪᠠᠷ ᠡᠵᠡᠯᠡᠭᠳᠡᠪᠡ᠃ ᠬᠤᠶᠢᠲᠤ ᠠᠭᠤᠯᠠᠨ ᠳᠤ ᠪᠠᠶᠢᠭ᠎ᠠ ᠵᠡᠭᠦᠨ ᠭᠦᠩ ᠤᠨ ᠬᠤᠰᠢᠭᠤ ᠨᠢ ᠬᠡᠳᠦ᠋ᠢᠪᠡᠷ ᠪᠤᠭᠤᠲᠤ ᠠᠴᠠ ᠨᠡᠯᠢᠶᠡᠳ ᠬᠤᠯᠠ ᠪᠠᠶᠢᠭᠰᠠᠨ ᠪᠣᠯᠪᠠᠴᠤ ᠭᠦᠶᠡᠩ ᠢ ᠲᠦᠰᠢᠵᠦ᠂ ᠶᠠᠫᠣᠨ ᠬᠠᠭᠤᠷᠮᠠᠭ ᠴᠡᠷᠢᠭ ᠭᠦᠶᠡᠩ ᠠᠴᠠ ᠪᠠᠷᠠᠭᠤᠨᠰᠢ ᠨᠢ ᠣᠷᠣᠵᠤ᠂ ᠵᠡᠭᠦᠨ ᠭᠦᠩ ᠤᠨ ᠬᠤᠰᠢᠭᠤ ᠨᠢ ᠶᠠᠫᠣᠨ ᠴᠡᠷᠢᠭ ᠤᠨ ᠠᠩᠬᠠᠨ ᠤ ᠳᠠᠭᠠᠷᠢᠯᠲᠠ ᠶᠢᠨ ᠭᠠᠵᠠᠷ ᠪᠠᠶᠢᠵᠠᠢ᠃    ᠪᠠ ᠶᠦᠨ ᠶᠢᠩ ᠲᠡᠷᠡ ᠳᠠᠷᠤᠢ ᠳᠤᠨᠢ ᠱᠢ ᠴᠢᠨ ᠹᠠᠩ ᠲᠠᠢ ᠬᠠᠮᠲᠤ ᠴᠡᠷᠢᠭ ᠤᠨ ᠶᠠᠪᠤᠳᠠᠯ ᠤᠨ ᠬᠦᠴᠦᠨ ᠢ ᠵᠣᠬᠢᠶᠠᠨ ᠪᠠᠶᠢᠭᠤᠯᠵᠤ᠂ ᠪᠠᠰᠠ ᠱᠢ ᠴᠢᠨ ᠹᠠᠩ ᠤᠨ ᠬᠠᠭᠤᠴᠢᠨ ᠬᠡᠯᠲᠡᠰ ᠢ ᠴᠤᠭᠯᠠᠭᠤᠯᠵᠤ᠂ ᠪᠣᠷᠣᠲᠣᠬᠤᠢ ᠣᠷᠣᠨ ᠳᠤ ᠴᠡᠷᠢᠭ ᠡᠯᠰᠡᠵᠦ᠂ ᠦᠨᠳᠦᠰᠦᠲᠡᠨ ᠨᠦᠭᠦᠳ ᠤᠨ ᠣᠯᠠᠨ ᠲᠦᠮᠡᠨ ᠤ ᠬᠦᠴᠦᠨ ᠢ ᠲᠥᠪᠯᠡᠷᠡᠭᠦᠯᠦᠨ ᠬᠤᠶᠠᠷ ᠬᠤᠷᠢᠶ᠎ᠠ  ᠭᠡᠵᠦ ᠨᠡᠷᠡᠶᠢᠳᠴᠦ᠂ 1938 ᠣᠨ ᠤ 4 ᠰᠠᠷ᠎ᠠ ᠳᠤ ᠭᠦᠶᠡᠩ ᠰᠢᠶᠠᠨ ᠤ ᠬᠤᠲᠠ ᠨᠢ ᠡᠪᠳᠡᠭᠳᠡᠭᠰᠡᠨ ᠤ ᠳᠠᠷᠠᠭ᠎ᠠ᠂ ᠪᠠ ᠶᠦᠨ ᠶᠢᠩ ᠫᠠᠷᠲ᠋ᠢᠽᠠᠨ ᠠᠩᠭᠢ ᠪᠠᠨ ᠳᠠᠭᠠᠭᠤᠯᠤᠨ ᠪᠤᠭᠤᠲᠤ ᠵᠦᠭ ᠳᠤᠲᠠᠭᠠᠭᠰᠠᠨ 40 ᠶᠠᠫᠣᠨ ᠬᠠᠭᠤᠷᠮᠠᠭ ᠴᠡᠷᠢᠭ ᠢ ᠠᠮᠢᠳᠤ ᠪᠠᠷ ᠪᠠᠷᠢᠪᠴᠢᠯᠠᠵᠤ᠂ 40 ᠰᠢᠬᠠᠮ ᠶᠠᠪᠠᠭᠠᠨ ᠫᠤᠤ ᠪᠠ ᠭᠠᠷ ᠫᠤᠤ ᠣᠯᠵᠠᠯᠠᠵᠤ᠂ 2000 ᠭᠠᠷᠤᠢ ᠰᠤᠮᠤ ᠪᠠ 50 ᠭᠠᠷᠨᠠᠲᠠ ᠭᠠᠷᠨᠠᠲᠠ ᠣᠯᠵᠠᠯᠠᠭᠰᠠᠨ ᠪᠠᠶᠢᠨ᠎ᠠ᠃ ᠳᠠᠶᠢᠰᠤᠨ ᠤ ᠴᠡᠷᠢᠭ ᠴᠢᠮᠡᠭᠡ ᠶᠢ ᠣᠯᠤᠭᠰᠠᠨ ᠤ ᠳᠠᠷᠠᠭ᠎ᠠ 500 ᠭᠠᠷᠤᠢ ᠮᠣᠷᠢᠲᠤ ᠴᠡᠷᠢᠭ ᠲᠣᠮᠢᠯᠠᠨ ᠪᠠ ᠶᠦᠨ ᠶᠢᠩ ᠤᠨ ᠴᠡᠷᠢᠭ ᠢ ᠪᠦᠰᠡᠯᠡᠨ ᠴᠣᠬᠢᠵᠤ᠂ ᠪᠠ ᠶᠦᠨ ᠶᠢᠩ ᠤᠨ ᠴᠡᠷᠢᠭ ᠲᠤ 100 ᠭᠠᠷᠤᠢ ᠬᠥᠮᠦᠨ ᠫᠤᠤᠳᠠᠨ ᠠᠯᠠᠵᠤ᠂ 50 ᠭᠠᠷᠤᠢ ᠠᠭᠲᠠ ᠪᠠ 60 ᠭᠠᠷᠤᠢ ᠶᠠᠪᠠᠭᠠᠨ ᠫᠤᠤ᠂ ᠭᠠᠷ ᠫᠤᠤ ᠣᠯᠵᠠᠯᠠᠵᠤ᠂ ᠳᠠᠶᠢᠰᠤᠨ ᠤ ᠭᠠᠯᠵᠠᠭᠤ ᠭᠠᠯ ᠳᠤ ᠴᠣᠬᠢᠯᠲᠠ ᠥᠭᠪᠡ᠃    ᠪᠠ ᠶᠦᠨ ᠶᠢᠩ ᠤᠨ ᠫᠠᠷᠲ᠋ᠢᠽᠠᠨ ᠠᠩᠭᠢ ᠶᠢᠨ ᠨᠡᠷ᠎ᠡ ᠬᠦᠨᠳᠦ ᠶᠡᠭᠡ ᠪᠠᠷ ᠨᠡᠮᠡᠭᠳᠡᠵᠡᠢ᠃ ᠡᠭᠦᠨ ᠤ ᠳᠠᠷᠠᠭ᠎ᠠ ᠪᠠ ᠶᠦᠨ ᠶᠢᠩ ᠴᠡᠷᠢᠭ ᠠᠩᠭᠢ ᠪᠠᠨ ᠳᠠᠭᠠᠭᠤᠯᠤᠨ ᠫᠠᠷᠲ᠋ᠢᠽᠠᠨ ᠳᠠᠶᠢᠨ ᠬᠢᠵᠦ᠂ ᠭᠦᠶᠡᠩ ᠠᠴᠠ ᠪᠠᠷᠠᠭᠤᠨᠰᠢᠬᠢ ᠪᠠᠭ᠎ᠠ ᠰᠢᠭᠡᠲᠡᠢ᠂ ᠮᠢᠩᠭᠠᠨ ᠭᠤᠣᠯ ᠳᠤ ᠡᠭᠦᠷᠯᠡᠵᠦ ᠪᠠᠶᠢᠭᠰᠠᠨ ᠶᠠᠫᠣᠨ ᠬᠠᠭᠤᠷᠮᠠᠭ ᠴᠡᠷᠢᠭ ᠤᠨ ᠬᠤᠯᠪᠣᠭᠠᠲᠤ ᠴᠡᠷᠢᠭ ᠪᠠ ᠬᠢᠲᠠᠳ ᠤᠨ ᠵᠠᠯᠢᠬᠠᠢ ᠶᠢ ᠤᠰᠠᠳᠬᠠᠵᠤ᠂ ᠶᠠᠫᠤᠨᠴᠤᠳ ᠤᠨ ᠪᠠᠷᠠᠭᠤᠨᠰᠢ ᠣᠷᠣᠬᠤ ᠲᠥᠯᠥᠪᠯᠡᠭᠡ ᠶᠢ ᠪᠦᠲᠦᠮᠵᠢᠲᠡᠢ ᠬᠤᠷᠢᠭᠯᠠᠨ ᠵᠣᠭᠰᠣᠭᠠᠵᠤ᠂ ᠳᠠᠶᠢᠰᠤᠨ ᠤ ᠬᠦᠴᠦᠨ ᠢ ᠲᠠᠷᠬᠠᠭᠠᠵᠠᠢ᠃    ᠡᠪ ᠬᠠᠮᠲᠤ ᠨᠠᠮ ᠢᠶᠠᠨ ᠳᠠᠭᠠᠬᠤ 1949 ᠣᠨ ᠤ 9 ᠰᠠᠷ᠎ᠠ ᠳᠤ ᠪᠠ ᠶᠦᠨ ᠶᠢᠩ ᠰᠦᠢᠶᠤᠸᠠᠨ ᠮᠤᠵᠢ ᠶᠢᠨ ᠨᠠᠶᠢᠷᠠᠮᠳᠠᠯ ᠤᠨ ᠪᠣᠰᠣᠯᠭ᠎ᠠ ᠳᠤ ᠣᠷᠣᠯᠴᠠᠵᠤ᠂ ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠤᠨ ᠤᠯᠠᠭᠠᠨᠴᠠᠪ ᠠᠶᠢᠮᠠᠭ ᠤᠨ ᠴᠡᠷᠢᠭ ᠤᠨ ᠬᠤᠪᠢᠶᠠᠷᠢ ᠲᠣᠭᠤᠷᠢᠭ ᠤᠨ ᠤᠷᠠᠳ ᠤᠨ ᠬᠤᠶᠢᠲᠤ ᠬᠤᠰᠢᠭᠤᠨ ᠤ ᠰᠠᠯᠪᠤᠷᠢ ᠠᠩᠭᠢ ᠶᠢᠨ ᠳᠠᠷᠤᠭ᠎ᠠ ᠶᠢᠨ ᠲᠤᠰᠢᠶᠠᠯ ᠢ ᠡᠭᠦᠷᠭᠡᠯᠡᠵᠦ᠂ 1955 ᠣᠨ ᠤ 6 ᠰᠠᠷ᠎ᠠ ᠳᠤ ᠤᠯᠤᠰ ᠲᠥᠷᠥ ᠶᠢᠨ ᠵᠥᠪᠯᠡᠯᠭᠡᠨ ᠤ ᠤᠯᠠᠭᠠᠨᠴᠠᠪ ᠠᠶᠢᠮᠠᠭ ᠤᠨ ᠠᠩᠬᠠᠳᠤᠭᠠᠷ ᠬᠤᠭᠤᠴᠠᠭᠠᠨ ᠤ ᠪᠠᠶᠢᠩᠭᠤ ᠶᠢᠨ ᠭᠡᠰᠢᠭᠦᠨ ᠢᠶᠠᠷ ᠰᠣᠩᠭᠤᠭᠳᠠᠪᠠ 1958 ᠣᠨ ᠳᠤ ᠤᠯᠠᠭᠠᠨᠴᠠᠪ ᠠᠶᠢᠮᠠᠭ ᠤᠨ ᠪᠠᠷᠠᠭᠤᠨ ᠬᠡᠰᠡᠭ ᠢ ᠪᠠᠶᠠᠨᠨᠠᠭᠤᠷ ᠠᠶᠢᠮᠠᠭ ᠲᠤ ᠬᠠᠷᠢᠶᠠᠯᠠᠭᠤᠯᠵᠤ᠂ ᠪᠠ ᠶᠦᠨ ᠶᠢᠩ ᠪᠠᠰᠠ ᠪᠠᠶᠠᠨᠨᠠᠭᠤᠷ ᠠᠶᠢᠮᠠᠭ ᠲᠤ ᠬᠤᠪᠢᠶᠠᠭᠳᠠᠨ ᠠᠵᠢᠯᠯᠠᠪᠠ᠂ 1959 ᠣᠨ ᠤ 5 ᠰᠠᠷ᠎ᠠ ᠠᠴᠠ ᠡᠬᠢᠯᠡᠨ ᠤᠯᠤᠰ ᠲᠥᠷᠥ ᠶᠢᠨ ᠵᠥᠪᠯᠡᠯᠭᠡᠨ ᠤ ᠪᠠᠶᠠᠨᠨᠠᠭᠤᠷ ᠠᠶᠢᠮᠠᠭ ᠤᠨ ᠭᠤᠷᠪᠠᠳᠤᠭᠠᠷ᠂ ᠳᠥᠷᠪᠡᠳᠦᠭᠡᠷ᠂ ᠲᠠᠪᠤᠳᠤᠭᠠᠷ ᠬᠤᠭᠤᠴᠠᠭᠠᠨ ᠤ ᠵᠥᠪᠯᠡᠯ ᠤᠨ ᠳᠡᠳ᠋ ᠲᠡᠷᠢᠭᠦᠯᠡᠭᠴᠢ ᠶᠢᠨ ᠲᠤᠰᠢᠶᠠᠯ ᠢ ᠡᠭᠦᠷᠭᠡᠯᠡᠪᠡ᠃   1966 ᠣᠨ ᠤ 8 ᠰᠠᠷ᠎ᠠ ᠶᠢᠨ 21 ᠤ ᠡᠳᠦᠷ᠂ ᠪᠠ ᠶᠦᠨ ᠶᠢᠩ ᠳ᠋ᠧᠩᠺᠧᠦ ᠰᠢᠶᠠᠨ ᠤ ᠪᠠᠶᠠᠨᠭᠤᠣᠯ ᠪᠠᠯᠭᠠᠰᠤᠨ ᠳᠤ ᠨᠠᠰᠤ ᠪᠠᠷᠠᠵᠤ᠂ ᠲᠣᠬᠠᠢ  ᠶᠢᠨ ᠦᠶ᠎ᠡ ᠳᠤ 67 ᠨᠠᠰᠤᠲᠠᠢ᠃ 
 
ᠢᠷᠡᠯᠲᠡ᠄ ᠰᠢ ᠳ᠋ᠧᠦ ᠫᠦ᠋ ᠪᠠᠯᠭᠠᠰᠤᠨ ᠤ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号