ᠬᠡᠮᠡᠷᠯᠢᠭ ᠲᠤᠭ ᠲᠤ ᠬᠡᠰᠡᠭ ᠬᠡᠰᠡᠭ ᠦᠯᠢᠭᠡᠷ ᠪᠠᠭᠲᠠᠨ᠎ᠠ᠂ ᠨᠢᠭᠡ ᠬᠤᠪᠢ ᠦᠨᠡᠨᠴᠢ ᠰᠡᠳᠬᠢᠯᠭᠡ ᠶᠢ | ᠨᠢᠭᠲᠠᠷᠠᠭᠤᠯᠬᠤ ᠶᠢᠨ ᠬᠠᠮᠲᠤ ᠪᠠᠰᠠ ᠣᠯᠠᠨ ᠲᠦᠮᠡᠨ ᠤ ᠪᠢᠳᠡᠨ ᠳᠤ ᠲᠠᠯᠠᠷᠬᠠᠵᠤ ᠪᠠᠶᠢᠬᠤ ᠪᠠᠨ ᠢᠯᠡᠳᠬᠡᠪᠡ᠃ | 2024 ᠣᠨ ᠤ 12 ᠰᠠᠷ᠎ᠠ ᠶᠢᠨ 10 ᠤ ᠡᠳᠦᠷ ᠤᠨ ᠦᠳᠡ ᠶᠢᠨ ᠡᠮᠦᠨ᠎ᠡ᠂ ᠵᠤ ᠠᠪᠠᠭ᠋ᠠᠢ ᠪᠣᠯᠤᠨ ᠠᠪᠤ ᠲᠠᠢ ᠪᠠᠨ | ︽ᠪᠤᠰᠤᠳ ᠢ ᠬᠠᠪᠰᠤᠷᠬᠤ ᠪᠠᠷ ᠵᠢᠷᠭᠠᠯ ᠢᠶᠠᠨ ᠪᠣᠯᠭᠠᠵᠤ᠂ ᠠᠶᠤᠯ ᠲᠦᠭᠰᠢᠭᠦᠷᠢ ᠶᠢ ᠠᠷᠭᠠᠴᠠᠭᠠᠬᠤ ᠦᠶ᠎ᠡ ᠳᠤ | ᠴᠡᠭᠡᠵᠢ ᠲᠦᠷᠢᠨ ᠭᠠᠷᠴᠤ ᠪᠠᠶᠢᠨ᠎ᠠ︾ ᠭᠡᠰᠡᠨ ᠪᠢᠴᠢᠭᠡᠰᠦ ᠲᠠᠢ ᠬᠡᠮᠡᠷᠯᠢᠭ ᠲᠤᠭ ᠢ ᠮᠠᠨ ᠤ ᠪᠠᠯᠭᠠᠰᠤᠨ ᠤ | ᠺᠠᠳ᠋ᠷᠴᠤᠳ ᠤᠨ ᠭᠠᠷ ᠲᠤ ᠬᠦᠷᠭᠡᠵᠦ᠂ ᠡᠭᠦᠨ ᠢᠶᠠᠷ ᠲᠠᠯᠠᠷᠬᠠᠵᠤ ᠪᠠᠶᠢᠬᠤ ᠪᠠᠨ ᠢᠯᠡᠳᠬᠡᠪᠡ᠃ 2024 ᠣᠨ ᠤ | 10 ᠰᠠᠷ᠎ᠠ ᠶᠢᠨ 22 ᠤᠨ ᠡᠳᠦᠷ ᠤᠨ ᠥᠷᠯᠥᠭᠡ᠂ ᠵᠠᠮ ᠬᠠᠷᠢᠯᠴᠠᠭᠠᠨ ᠤ ᠭᠡᠨᠡᠳᠲᠡ ᠶᠢᠨ ᠠᠳᠡᠯ ᠨᠠᠮ ᠵᠢᠮ ᠪᠣᠯᠪᠠ᠃ | ᠬᠤᠶᠠᠷ ᠰᠠᠭᠤᠳᠠᠯ ᠤᠨ ᠲᠡᠷᠭᠡ ᠨᠢ ᠶᠢᠨ ᠱᠠᠨ ᠪᠠᠯᠭᠠᠰᠤᠨ ᠤ ᠠᠷᠠᠳ ᠤᠨ ᠵᠠᠰᠠᠭ ᠤᠨ ᠣᠷᠳᠣᠨ ᠤ ᠪᠠᠷᠠᠭᠤᠨ | ᠲᠠᠯ᠎ᠠ ᠶᠢᠨ ᠲᠣᠨᠣᠯᠵᠢᠨ ᠵᠠᠮ ᠤᠨ ᠠᠭᠤᠯᠵᠠᠷ ᠲᠤ ᠬᠦᠨᠳᠦ ᠨᠣᠴᠢᠲᠠᠢ ᠮᠥᠷᠭᠦᠯᠳᠦᠵᠦ᠂ ᠲᠤᠬᠠᠢ ᠶᠢᠨ ᠲᠠᠯᠠᠪᠤᠷ ᠲᠤ | ᠡᠮᠬᠢ ᠵᠠᠮᠪᠠᠷᠠᠭ᠎ᠠ ᠦᠭᠡᠢ ᠪᠣᠯᠵᠤ᠂ ᠲᠡᠷᠭᠡ ᠡᠪᠳᠡᠷᠡᠵᠦ ᠰᠦᠢᠳᠦᠭᠰᠡᠨ ᠨᠢ ᠬᠦᠨᠳᠦ ᠨᠣᠴᠢᠲᠠᠢ ᠪᠠᠶᠢᠵᠤ᠂ | ᠰᠢᠷᠬᠠᠲᠤᠭᠰᠠᠳ ᠨᠢ ᠬᠤᠪᠢᠷᠠᠳᠠᠭ ᠲᠡᠷᠭᠡᠨ ᠳᠣᠲᠣᠷ᠎ᠠ ᠬᠠᠰᠢᠭᠳᠠᠵᠤ᠂ ᠰᠢᠷᠬ᠎ᠠ ᠨᠢ ᠲᠣᠳᠣᠷᠬᠠᠢ ᠦᠭᠡᠢ ᠪᠣᠯᠵᠠᠢ᠃ | ᠲᠤᠬᠠᠢ ᠶᠢᠨ ᠦᠶ᠎ᠡ ᠳᠤ᠂ ᠮᠠᠨ ᠤ ᠪᠠᠯᠭᠠᠰᠤᠨ ᠤ ᠲᠦᠷᠪᠡᠨ ᠺᠠᠳ᠋ᠷ ᠪᠠᠢ ᠵᠢᠶᠠᠨ ᠪᠢᠨ᠂ ᠯᠢ ᠰᠦ᠋᠂ ᠵᠠᠩ ᠴᠦᠨ | ᠬᠤᠸᠠ᠂ ᠬᠠᠨ ᠫᠧᠩ ᠹᠧᠢ ᠪᠠᠶᠢᠭᠤᠯᠭ᠎ᠠ ᠨᠢᠭᠡᠴᠢ ᠳᠤ ᠬᠦᠷᠴᠦ ᠲᠡᠷᠭᠡᠨ ᠠᠴᠠ ᠪᠠᠨ ᠪᠠᠭᠤᠬᠤ ᠶᠢ ᠣᠯᠵᠤ | ᠦᠵᠡᠭᠰᠡᠨ ᠤ ᠳᠠᠷᠠᠭ᠎ᠠ᠂ ᠲᠡᠳᠡ ᠥᠴᠦᠬᠡᠨ ᠴᠦ ᠡᠷᠡᠭᠡᠯᠵᠡᠯ ᠦᠭᠡᠢ ᠪᠠᠷ ᠡ᠊ᠨᠳᠡᠯ ᠭᠠᠷᠤᠭᠰᠠᠨ ᠲᠡᠷᠭᠡ ᠶᠢ ᠲᠦᠷᠭᠡᠨ | ᠳᠠᠭᠠᠷᠢᠵᠤ ᠰᠢᠷᠬᠠᠲᠤᠭᠰᠠᠳ ᠤᠨ ᠪᠠᠶᠢᠳᠠᠯ ᠢ ᠪᠠᠶᠢᠴᠠᠭᠠᠨ ᠦᠵᠡᠪᠡ᠃ ᠡᠪᠳᠡᠷᠡᠵᠦ ᠴᠤᠴᠠᠷᠠᠭᠰᠠᠨ ᠲᠡᠷᠭᠡᠨ ᠴᠣᠩᠬᠤ | ᠪᠣᠯᠤᠨ ᠮᠤᠷᠦ᠋ᠢᠵᠤ ᠪᠠᠶᠢᠭ᠎ᠠ ᠲᠡᠷᠭᠡᠨ ᠡᠭᠦᠳᠡᠨ ᠳᠤ ᠪᠠᠢ ᠵᠢᠶᠠᠨ ᠪᠢᠨ ᠲᠡᠷᠭᠡᠨ ᠡᠭᠦᠳᠡ ᠪᠠᠨ ᠨᠡᠭᠡᠭᠡᠵᠦ | ᠰᠢᠷᠬᠠᠲᠤᠭᠰᠠᠳ ᠢ ᠠᠪᠤᠷᠠᠬᠤ ᠪᠠᠷ ᠣᠷᠣᠯᠳᠣᠪᠠ᠂ ᠭᠡᠪᠡᠴᠦ ᠮᠥᠷᠭᠦᠯᠳᠦᠬᠦ ᠬᠦᠴᠦ ᠨᠢ ᠬᠡᠲᠦᠷᠡᠭᠰᠡᠨ ᠠᠴᠠ ᠪᠣᠯᠵᠤ | ᠲᠡᠷᠭᠡᠨ ᠡᠭᠦᠳᠡ ᠨᠢᠭᠡᠨᠲᠡ ᠬᠠᠰᠢᠵᠤ ᠦᠬᠦᠭᠰᠡᠨ ᠪᠠᠶᠢᠨ᠎ᠠ᠃ ᠲᠡᠷᠡ᠂ ᠰᠢᠷᠬᠠᠲᠤᠭᠰᠠᠨ ᠬᠥᠮᠦᠨ ᠤ ᠤᠷᠮ᠎ᠠ ᠶᠢ | ᠲᠠᠶᠢᠳᠬᠤᠷᠠᠭᠤᠯᠤᠨ᠂ ᠲᠡᠭᠦᠨ ᠢ ᠰᠡᠷᠭᠡᠭ ᠪᠠᠶᠢᠯᠭᠠᠬᠤ ᠶᠢᠨ ᠳᠠᠭᠠᠤ᠂ ᠲᠡᠷᠭᠡᠨ ᠤ ᠡᠭᠦᠳᠡ ᠶᠢ ᠨᠡᠭᠡᠭᠡᠬᠦ ᠪᠠᠷ | ᠴᠢᠷᠮᠠᠶᠢᠪᠠ᠃ ᠪᠤᠰᠤᠳ ᠭᠤᠷᠪᠠᠨ ᠬᠠᠮᠲᠤ ᠠᠵᠢᠯᠯᠠᠭᠴᠢ ᠶᠢᠨ ᠬᠠᠪᠰᠤᠷᠤᠯᠭ᠎ᠠ ᠳᠣᠣᠷ᠎ᠠ᠂ ᠲᠡᠳᠡ ᠲᠡᠷᠭᠡᠨ ᠤ | ᠠᠷᠤ ᠶᠢᠨ ᠡᠭᠦᠳᠡ ᠶᠢ ᠨᠡᠭᠡᠭᠡᠵᠦ᠂ ᠬᠠᠰᠢᠭᠳᠠᠭᠰᠠᠨ ᠵᠢᠯᠣᠭᠤᠴᠢ ᠵᠤ ᠠᠪᠠᠭᠠᠢ ᠶᠢ ᠲᠡᠷᠭᠡᠨ ᠳᠣᠲᠣᠷ᠎ᠠ ᠠᠴᠠ ᠠᠪᠤᠷᠠᠵᠤ | ᠂ ᠰᠢᠷᠬᠠᠭᠳᠠᠭᠰᠠᠳ ᠤᠨ ᠪᠠᠶᠢᠳᠠᠯ ᠢ ᠠᠰᠠᠭᠤᠭᠰᠠᠨ ᠤ ᠳᠠᠷᠠᠭ᠎ᠠ᠂ ᠴᠠᠭ ᠲᠤᠬᠠᠢ ᠳᠤᠨᠢ ᠴᠠᠭᠳᠠᠭ᠎ᠠ ᠳᠤ ᠮᠡᠳᠡᠭᠦᠯᠬᠦ | ᠤᠲᠠᠰᠤ ᠤᠲᠠᠰᠤᠳᠠᠵᠠᠢ᠃ ᠰᠢᠷᠬᠠᠲᠤᠭᠰᠠᠳ ᠳᠥᠷᠪᠡᠨ ᠨᠥᠬᠦᠷ ᠤᠨ ᠴᠠᠭ ᠲᠤᠬᠠᠢ ᠳᠤᠨᠢ ᠬᠠᠪᠰᠤᠷᠤᠯᠭ᠎ᠠ ᠪᠠ | ᠠᠪᠤᠷᠠᠯᠲᠠ ᠶᠢ ᠬᠦᠷᠲᠡᠵᠦ᠂ ᠬᠤᠶᠠᠳᠠᠬᠢ ᠤᠳᠠᠭᠠᠨ ᠤ ᠰᠢᠷᠬ᠎ᠠ ᠰᠣᠷᠪᠢ ᠪᠠ ᠵᠠᠮ ᠬᠠᠷᠢᠯᠴᠠᠭᠠᠨ ᠤ ᠠᠳᠠᠯ | ᠣᠷᠣᠰᠢᠵᠤ ᠪᠠᠶᠢᠭ᠎ᠠ ᠨᠡᠩ ᠶᠡᠭᠡ ᠬᠤᠣᠷ ᠬᠥᠨᠥᠭᠡᠯ ᠠᠴᠠ ᠵᠠᠶᠢᠯᠠᠰᠬᠢᠵᠡᠢ᠃ ᠠᠶᠤᠯ ᠲᠦᠭᠰᠢᠭᠦᠷᠢᠲᠡᠢ ᠴᠠᠭ | ᠮᠥᠴᠡ ᠳᠤ ᠶᠢᠨ ᠱᠠᠨ ᠪᠠᠯᠭᠠᠰᠤᠨ ᠤ ᠳᠥᠷᠪᠡᠨ ᠺᠠᠳ᠋ᠷ ᠴᠡᠭᠡᠵᠢ ᠲᠦᠷᠢᠨ ᠭᠠᠷᠴᠤ᠂ ᠥᠪᠡᠷ ᠤᠨ ᠦᠢᠯᠡ | ᠠᠵᠢᠯᠯᠠᠭ᠎ᠠ ᠪᠠᠷ ᠢᠶᠠᠨ ᠬᠥᠮᠦᠨ ᠤ ᠴᠢᠨᠠᠷ ᠤᠨ ᠰᠠᠶᠢᠨ ᠰᠠᠶᠢᠬᠠᠨ ᠪᠠᠭᠠᠲᠤᠷ ᠵᠣᠷᠢᠭ ᠢ ᠲᠠᠶᠢᠯᠪᠤᠷᠢᠯᠠᠵᠤ᠂ ᠨᠡᠶᠢᠭᠡᠮ ᠳᠤ | ᠳᠦᠭᠦᠷᠡᠩ ᠢᠳᠡᠪᠬᠢ ᠬᠦᠴᠦᠨ ᠢ ᠳᠠᠮᠵᠢᠭᠤᠯᠵᠠᠢ᠃ ᠪᠦᠬᠦ᠋ᠢᠯᠡ ᠠᠳᠠᠯ ᠢ ᠠᠪᠤᠷᠠᠨ ᠲᠤᠰᠠᠯᠠᠬᠤ ᠶᠠᠪᠤᠴᠠ ᠳᠤ᠂ | ᠲᠦᠷᠪᠡᠨ ᠺᠠᠳ᠋ᠷ ᠤᠨ ᠠᠷᠠᠳ ᠤᠨ ᠲᠥᠯᠥᠭᠡ ᠭᠡᠬᠦ ᠬᠠᠶᠢᠷ᠎ᠠ ᠰᠡᠳᠬᠢᠯᠭᠡ ᠪᠣᠯᠤᠨ ᠬᠠᠷᠢᠭᠤᠴᠠᠯᠭ᠎ᠠ ᠡᠭᠦᠷᠭᠡᠯᠡᠬᠦ ᠵᠣᠷᠢᠭ | ᠰᠠᠨᠠᠭ᠎ᠠ ᠨᠢ ᠠᠪᠤᠷᠠᠭᠳᠠᠭᠰᠠᠨ ᠬᠥᠮᠦᠰ ᠢ ᠭᠦᠨ ᠳᠤᠯᠠᠭᠠᠴᠠᠭᠤᠯᠵᠤ᠂ ᠡᠨᠡᠬᠦ ᠨᠡᠶᠢᠭᠡᠮ ᠢ ᠨᠡᠩ ᠣᠯᠠᠨ ᠬᠠᠶᠢᠷ᠎ᠠ ᠪᠠ | ᠬᠠᠶᠢᠷ᠎ᠠ ᠰᠡᠳᠬᠢᠯᠭᠡ ᠪᠠᠷ ᠪᠢᠯᠬᠠᠭᠤᠯᠪᠠ᠃ | |