ᠦᠨᠳᠦᠰᠦᠲᠡᠨ ᠤ ᠪᠦᠯᠬᠦᠮᠳᠡᠯ ᠨᠢᠭᠡ ᠭᠡᠷ ᠪᠦᠯᠢ ᠮᠡᠲᠦ᠄ ᠰᠢ ᠳ᠋ᠧᠦ ᠫᠦ ᠪᠠᠯᠭᠠᠰᠤᠨ ᠤ ᠡᠷᠡᠭᠦᠯ ᠮᠡᠨᠳᠦ ᠶᠢᠨ ᠠᠯᠪᠠᠨ ᠵᠢᠷᠤᠮ ᠤᠨ ᠡᠮᠴᠢᠯᠡᠭᠡ ᠠᠷᠠᠳ ᠤᠨ ᠰᠡᠳᠬᠢᠯ ᠢ ᠳᠤᠯᠠᠭᠠᠴᠠᠭᠤᠯᠤᠨ᠎ᠠ
ᠨᠡᠶᠢᠲᠡᠯᠡᠭᠰᠡᠨ ᠴᠠᠭ᠄
2023/4/9
      ︽ᠲᠠ ᠨᠠᠷ ᠬᠤᠵᠢᠮ ᠡᠶᠢᠮᠦ ᠬᠥᠳᠡᠯᠭᠡᠭᠡᠨ ᠢ ᠢᠯᠡᠭᠦᠬᠡᠨ ᠵᠣᠬᠢᠶᠠᠨ ᠪᠠᠶᠢᠭᠤᠯᠤᠮᠤ᠂ ᠪᠢ ᠭᠡᠷ ᠤᠨ ᠡᠭᠦᠳᠡᠨ ᠳᠡᠷᠭᠡᠲᠡ ᠪᠠᠨ ᠡᠪᠡᠳᠴᠢᠨ ᠦᠵᠡᠭᠦᠯᠵᠦ ᠳᠡᠢᠯᠦᠨ᠎ᠡ︕  ᠬᠤᠲᠠ ᠲᠡᠢᠮᠦ ᠬᠤᠯᠠ᠂ ᠡᠮᠨᠡᠯᠭᠡ ᠲᠡᠢᠮᠦ ᠶᠡᠭᠡ᠂ ᠣᠴᠢᠭᠰᠠᠨ ᠴᠤ ᠡᠭᠦᠳᠡ ᠣᠯᠬᠤ ᠦᠭᠡᠢ︕︾ ᠭᠡᠵᠦ ᠭᠦᠶᠡᠩ ᠰᠢᠶᠠᠨ ᠤ ᠰᠢ ᠳ᠋ᠧᠦ ᠫᠦ ᠪᠠᠯᠭᠠᠰᠤᠨ ᠤ ᠰᠢᠨ ᠮᠢᠨ ᠲᠣᠰᠬᠤᠨ ᠤ ᠰᠦ ᠶᠢᠨ ᠵᠦ ᠨᠠᠰᠤᠲᠠᠨ‌ᠠᠯᠪᠠᠨ‌ᠵᠢᠷᠤᠮ ‍ᠤᠨ‌ᠡᠮᠴᠢᠯᠡᠭᠡ ᠳ᠋ᠤ᠋‌ᠣᠷᠣᠯᠴᠠᠭᠰᠠᠨ ᠤ ᠳᠠᠷᠠᠭ᠎ᠠ᠂ ᠠᠵᠢᠯᠲᠠᠳ ᠲᠤ ᠪᠠᠶᠠᠷᠲᠠᠢ ᠪᠠᠷ ᠬᠡᠯᠡᠪᠡ᠃       ᠬᠠᠷᠢᠶ᠎ᠠ ᠣᠷᠣᠨ ᠤ ᠳᠣᠲᠣᠷᠠᠬᠢ ᠦᠨᠳᠦᠰᠦᠲᠡᠨ ᠨᠦᠭᠦᠳ ᠤᠨ ᠣᠯᠠᠨ ᠲᠦᠮᠡᠨ ᠤ ᠥᠪᠡᠷ ᠢ ᠪᠠᠨ ᠡᠷᠡᠭᠦᠯᠵᠢᠭᠦᠯᠬᠦ ᠦᠵᠡᠯ ᠤᠬᠠᠮᠰᠠᠷ ᠢ ᠦᠨᠡᠨᠬᠦ ᠳᠡᠭᠡᠭᠰᠢᠯᠡᠭᠦᠯᠵᠦ᠂ ᠡᠶ᠎ᠡ ᠵᠣᠬᠢᠴᠠᠯ ᠲᠠᠢ ᠪᠥᠭᠡᠳ ᠡᠷᠡᠭᠦᠯ ᠨᠡᠶᠢᠭᠡᠮ ᠤᠨ ᠣᠷᠴᠢᠨ ᠠᠬᠤᠶ ᠶᠢ ᠪᠣᠶ ᠪᠣᠯᠭᠠᠬᠤ ᠶᠢᠨ ᠲᠤᠰᠠᠳᠠ᠂ ᠣᠶᠢᠷ᠎ᠠ ᠳᠤ᠂ ᠬᠤᠲᠠ ᠶᠢᠨ ᠭᠤᠤᠯ ᠡᠮᠨᠡᠯᠭᠡ ᠶᠢᠨ ᠬᠤᠷᠢᠶᠠᠨ ᠤ ᠡᠮᠴᠢᠯᠡᠭᠡᠨ ᠤ ᠲᠤᠰᠬᠠᠶ ᠮᠡᠷᠭᠡᠵᠢᠯᠲᠡᠨ ᠰᠢ ᠳ᠋ᠧᠦ ᠫᠦ ᠪᠠᠯᠭᠠᠰᠤᠨ ᠳᠤ ᠬᠦᠷᠴᠦ ᠠᠯᠪᠠᠨ ᠵᠢᠷᠤᠮ ᠤᠨ ᠡᠮᠴᠢᠯᠡᠭᠡᠨ ᠤ ᠠᠵᠢᠯᠯᠠᠭ᠎ᠠ ᠥᠷᠨᠢᠭᠦᠯᠵᠦ᠂ ᠣᠯᠠᠨ ᠲᠦᠮᠡᠨ ᠳᠤ ᠬᠡᠷ ᠤᠨ ᠢᠶᠠᠨ ᠡᠭᠦᠳᠡᠨ ᠳᠤ ᠬᠤᠲᠠ ᠶᠢᠨ ᠱᠠᠲᠤᠨ ᠤ ᠲᠤᠰᠬᠠᠶ ᠮᠡᠷᠭᠡᠵᠢᠯᠲᠡᠨ ᠤ ᠰᠦᠢᠳᠭᠡᠯ ᠬᠤᠷᠢᠶᠠᠬᠤ ᠥᠬᠡᠶ ᠪᠠᠷ ᠣᠨᠣᠰᠢᠯᠠᠨ ᠡᠮᠨᠡᠬᠦ ᠦᠢᠯᠡᠴᠢᠯᠡᠭᠡ ᠬᠦᠷᠲᠡᠭᠡᠪᠡ᠃       ᠠᠯᠪᠠᠨ ᠵᠢᠷᠤᠮ ᠤᠨ ᠡᠮᠴᠢᠯᠡᠭᠡᠨ ᠤ ᠠᠬᠤᠶ ᠲᠠᠯᠠᠪᠠᠶ ᠳᠤ᠂ ᠠᠭᠤᠷ ᠠᠮᠢᠰᠬᠤᠯ ᠣᠨᠴᠠᠭᠠᠶ ᠬᠥᠷ ᠬᠥᠭᠵᠢᠶᠡᠨ ᠢᠶᠠᠷ ᠪᠢᠯᠬᠠᠵᠤ᠂ ᠲᠤᠰᠬᠠᠶ ᠮᠡᠷᠭᠡᠵᠢᠯᠲᠡᠨ ᠨᠢᠭᠡᠪᠦᠷᠢ ᠣᠷᠳᠣ ᠮᠥᠷᠯᠡᠵᠦ᠂ ᠡᠪᠡᠳᠴᠢᠨ ᠦᠵᠡᠬᠦ᠂ ᠪᠠᠶᠢᠴᠠᠭᠠᠬᠤ᠂ ᠣᠨᠣᠰᠢᠯᠠᠬᠤ᠂ ᠤᠬᠠᠭᠤᠯᠤᠨ ᠬᠥᠮᠦᠵᠢᠭᠦᠯᠵᠦ ᠵᠢᠯᠣᠭᠤᠳᠬᠤ ᠵᠡᠷᠭᠡ ᠠᠵᠢᠯ ᠡᠮᠬᠢ ᠴᠡᠭᠴᠡ ᠲᠠᠢ ᠶᠠᠪᠤᠭᠳᠠᠵᠤ ᠪᠠᠶᠢᠯ᠎ᠠ᠃ ︽ᠴᠢᠰᠤᠨ ᠳᠠᠷᠤᠯᠲᠠ ᠥᠨᠳᠥᠷ ᠡᠪᠡᠳᠴᠢᠨ᠂ ᠦᠶ᠎ᠡ ᠭᠡᠰᠢᠭᠦᠨ ᠤ ᠦᠷᠪᠢᠰᠦᠯ ᠵᠡᠷᠭᠡ ᠪᠣᠯ ᠴᠥᠮ ᠨᠠᠰᠤᠲᠠᠶᠢᠴᠤᠳ ᠤᠨ ᠪᠠᠶᠢᠩᠭᠤ ᠲᠣᠬᠢᠶᠠᠯᠳᠤᠳᠠᠭ ᠡᠪᠡᠳᠴᠢᠨ ᠮᠥᠨ᠂ ᠡᠩ ᠤᠨ ᠦᠶ᠎ᠡ ᠳᠤ ᠵᠠᠪᠠᠯ ᠨᠢᠭᠡ ᠯᠡ ᠳᠡᠭᠡᠷ᠎ᠡ ᠡᠮ ᠤᠤᠭᠤᠵᠤ ᠬᠢᠵᠠᠭᠠᠷᠯᠠᠬᠤ ᠶᠢ ᠠᠩᠬᠠᠷᠴᠤ᠂ ᠬᠦᠢᠲᠡᠨ ᠠᠴᠠ ᠵᠠᠶᠢᠯᠠᠨ ᠳᠤᠯᠠᠭᠠᠨ ᠢ ᠪᠠᠲᠤᠯᠠᠵᠤ᠂ ᠵᠣᠬᠢᠬᠤ ᠬᠡᠮᠵᠢᠶᠡᠨ ᠤ ᠬᠥᠳᠡᠯᠭᠡᠭᠡᠨ ᠬᠢᠬᠦ ᠬᠡᠷᠡᠭᠲᠡᠶ︾ ᠡᠮᠴᠢᠯᠡᠭᠡᠨ ᠤ ᠠᠵᠢᠯᠲᠠᠳ ᠲᠡᠰᠪᠦᠷᠢᠲᠡᠶ ᠪᠠᠷ ᠡᠪᠡᠳᠴᠢᠨ ᠦᠵᠡᠭᠦᠯᠬᠦ ᠪᠠᠷ ᠢᠷᠡᠭᠰᠡᠨ ᠲᠣᠰᠬᠤᠨ ᠤ ᠠᠷᠠᠳ ᠨᠢᠭᠡᠪᠦᠷᠢ ᠳᠤ ᠴᠢᠰᠤᠨ ᠳᠠᠷᠤᠯᠲᠠ ᠪᠠ ᠵᠢᠷᠦᠬᠡᠨ ᠴᠣᠬᠢᠯᠭ᠎ᠠ ᠶᠢ ᠨᠢ ᠬᠡᠮᠵᠢᠨ ᠥᠭᠴᠦ᠂ ᠲᠡᠳᠡᠨ ᠤ ᠥᠪᠡᠷ ᠤᠨ ᠡᠪᠡᠳᠴᠢᠨ ᠤ ᠪᠠᠶᠢᠳᠠᠯ ᠢᠶᠠᠨ ᠶᠠᠷᠢᠬᠤ ᠶᠢ ᠰᠣᠨᠣᠰᠤᠨ᠂ ᠡᠪᠡᠳᠴᠢᠨ ᠳᠤᠨᠢ ᠲᠠᠭᠠᠷᠠᠭᠤᠯᠤᠨ ᠵᠣᠷ ᠪᠢᠴᠢᠵᠦ ᠡᠮ ᠲᠦᠭᠡᠭᠡᠵᠦ ᠥᠭᠬᠦ ᠶᠢᠨ ᠬᠠᠮᠲᠤ ᠵᠠᠷᠢᠮ ᠣᠷᠳᠣ ᠬᠤᠭᠤᠴᠠᠭ᠎ᠠ ᠪᠠᠷ ᠡᠮ ᠤᠤᠭᠤᠭᠰᠠᠨ ᠨᠠᠰᠤᠲᠠᠶᠢᠴᠤᠳ ᠲᠤ ᠡᠮᠴᠢᠯᠡᠭᠡᠨ ᠤ ᠲᠥᠰᠦᠯ ᠳᠤ ᠲᠣᠬᠢᠷᠠᠭᠤᠯᠤᠯᠲᠠ ᠬᠢᠵᠦ᠂ ᠨᠠᠰᠤᠲᠠᠶᠢᠴᠤᠳ ᠤᠨ ᠡᠷᠡᠭᠦᠯ ᠴᠢᠭᠢᠷᠠᠭ ᠠᠮᠢᠳᠤᠷᠠᠯ ᠤᠨ ᠠᠷᠭ᠎ᠠ ᠮᠠᠶ᠋ᠢᠭ ᠲᠠᠢ ᠪᠣᠯᠬᠤ ᠶᠢ ᠵᠢᠭᠠᠨ ᠵᠢᠯᠣᠭᠤᠳᠪᠠ᠃       ᠠᠯᠪᠠᠨ ᠵᠢᠷᠤᠮ ᠤᠨ ᠡᠮᠴᠢᠯᠡᠭᠡᠨ ᠤ ᠠᠵᠢᠯᠯᠠᠭ᠎ᠠ ᠶᠢᠨ ᠪᠣᠳᠠᠲᠤ ᠦᠷ᠎ᠡ ᠪᠦᠲᠦᠮᠵᠢ ᠤᠯᠬᠤ ᠶᠢ ᠦᠨᠡᠨ ᠬᠦ ᠪᠠᠲᠤᠯᠠᠬᠤ ᠶᠢᠨ ᠲᠥᠯᠥᠭᠡ᠂ ᠰᠢ ᠳ᠋ᠧᠦ ᠫᠦ ᠪᠠᠯᠭᠠᠰᠤ ᠶᠢᠨ ᠡᠮᠦᠨᠡᠬᠢ ᠬᠤᠭᠤᠴᠠᠭᠠᠨ ᠳᠤ ᠰᠢᠶᠠᠨ᠂ ᠪᠠᠯᠭᠠᠰᠤ ᠬᠤᠶᠠᠷ ᠱᠠᠲᠤᠨ ᠤ ᠣᠯᠠᠨ ᠨᠡᠶᠢᠲᠡ ᠶᠢᠨ ᠳ᠋ᠤᠭᠠᠷ ᠲᠤ ᠰᠠᠶᠢᠲᠤᠷ ᠤᠬᠠᠭᠤᠯᠭ᠎ᠠ ᠬᠢᠬᠦ ᠶᠢᠨ ᠬᠠᠮᠲᠤ᠂ ᠪᠠᠰᠠ ᠪᠠᠯᠭᠠᠰᠤᠨ ᠤ ᠠᠵᠢᠯᠲᠠᠨ ᠪᠣᠯᠤᠨ ᠲᠣᠰᠬᠤᠨ ᠳᠤ ᠰᠠᠭᠤᠭ᠎ᠠ ᠡᠯ᠎ᠡ ᠠᠵᠢᠯᠯᠠᠬᠤ ᠠᠩᠭᠢ ᠶᠢ ᠵᠣᠬᠢᠶᠠᠨ ᠪᠠᠶᠢᠭᠤᠯᠤᠨ ᠡᠷᠦᠬᠡ ᠳᠤ ᠣᠷᠣᠵᠤ ᠤᠬᠠᠭᠤᠯᠭ᠎ᠠ ᠬᠢᠬᠦ ᠶᠢᠨ ᠬᠠᠮᠲᠤ᠂ ᠡᠯ᠎ᠡ ᠲᠣᠰᠬᠤᠨ ᠤ ᠵᠠᠭᠤᠨ ᠬᠥᠮᠦᠨ ᠤ ᠸᠢᠴᠠᠲ ᠤᠨ ᠰᠦᠷᠦᠭ ᠵᠡᠷᠭᠡ ᠲᠠᠪᠴᠠᠩ ᠢ ᠠᠰᠢᠭᠯᠠᠨ ᠤᠬᠠᠭᠤᠯᠭ᠎ᠠ ᠶᠢᠨ ᠬᠦᠷᠢᠶ᠎ᠡ ᠬᠡᠪᠴᠢᠶ᠎ᠡ ᠪᠠᠨ ᠢᠳᠡᠪᠬᠢᠲᠡᠶ ᠳᠠᠮᠵᠢᠭᠤᠯᠤᠨ ᠲᠠᠷᠬᠠᠭᠠᠵᠤ᠂ ᠮᠡᠳᠡᠭᠡ ᠵᠠᠩᠭᠢ ᠶᠢ ᠬᠥᠮᠦᠨ ᠪᠦᠬᠦᠨ ᠳᠤ ᠳᠠᠮᠵᠢᠭᠤᠯᠬᠤ ᠪᠠᠷ ᠴᠢᠷᠮᠠᠶᠢᠪᠠ᠃ ᠡᠪᠡᠳᠴᠢᠨ ᠦᠵᠡᠭᠦᠯᠬᠦ ᠪᠠᠷ ᠢᠷᠡᠭᠰᠡᠨ ᠲᠣᠰᠬᠤᠨ ᠤ ᠠᠷᠠᠳ ᠤᠨ ᠴᠢᠷᠠᠢ ᠳᠤ ᠪᠠᠶᠠᠷ ᠤᠨ ᠮᠥᠰᠢᠶᠡᠳᠦ ᠲᠣᠳᠣᠷᠠᠵᠤ᠂ ᠣᠨᠴᠠᠭᠠᠶᠢᠯᠠᠨ ᠲᠣᠰᠬᠤᠨ ᠤ ᠨᠠᠰᠤᠲᠠᠶᠢᠴᠤᠳ᠂ ᠨᠠᠮ ᠪᠣᠯᠤᠨ ᠤᠯᠤᠰ ᠤᠨ ᠬᠠᠷᠠᠭᠠᠯᠵᠠᠯ ᠳᠣᠣᠷ᠎ᠠ ᠤᠷᠢᠳᠤ ᠨᠢ ᠪᠤᠳᠤᠵᠥ ᠤᠯᠬᠤ ᠦᠬᠡᠢ ᠪᠠᠶᠢᠭᠰᠠᠨ ᠵᠣᠯ ᠵᠢᠷᠭᠠᠯᠲᠤ ᠠᠮᠢᠳᠤᠷᠠᠯ ᠢᠶᠠᠨ ᠡᠳ᠋ᠯᠡᠨ᠎ᠡ ᠭᠡᠵᠦ ᠢᠯᠡᠳᠬᠡᠵᠡᠭᠡᠨ᠎ᠡ᠃       ᠲᠣᠰ ᠤᠳᠠᠭᠠᠨ ᠤ ᠠᠯᠪᠠᠨ ᠵᠢᠷᠤᠮ ᠤᠨ ᠡᠮᠴᠢᠯᠡᠭᠡᠨ ᠤ ᠠᠵᠢᠯᠯᠠᠭ᠎ᠠ ᠨᠢ ᠦᠨᠳᠦᠰᠦᠲᠡᠨ ᠨᠦᠭᠦᠳ ᠤᠨ ᠣᠯᠠᠨ ᠲᠦᠮᠡᠨ ᠤ ᠵᠣᠯ ᠵᠢᠷᠭᠠᠯᠲᠤ ᠲᠥᠷᠥᠭᠳᠡᠯ ᠢ ᠤᠯᠠᠮ ᠨᠢᠭᠡ ᠠᠯᠬᠤᠮ ᠳᠡᠭᠡᠭᠰᠢᠯᠡᠭᠦᠯᠵᠦ᠂ ᠦᠨᠳᠦᠰᠦᠲᠡᠨ ᠤ ᠪᠦᠯᠬᠦᠮᠳᠡᠯ ᠤᠨ ᠰᠠᠶᠢᠨ ᠰᠠᠶᠢᠬᠠᠨ ᠠᠭᠤᠷ ᠠᠮᠢᠰᠬᠤᠯ ᠢ ᠪᠣᠶ ᠪᠣᠯᠭᠠᠵᠤ᠂ ᠦᠨᠳᠦᠰᠦᠲᠡᠨ ᠨᠦᠭᠦᠳ ᠤᠨ ᠣᠯᠠᠨ ᠲᠦᠮᠡᠨ ᠤ ᠰᠣᠯᠢᠯᠴᠠᠭ᠎ᠠ᠂ ᠶᠠᠪᠤᠯᠴᠠᠭ᠎ᠠ᠂ ᠠᠭᠤᠰᠤᠯᠴᠠᠯ ᠢ ᠠᠬᠢᠭᠤᠯᠪᠠ᠃ ᠡᠯ᠎ᠡ ᠦᠨᠳᠦᠰᠦᠲᠡᠨ ᠤ ᠡᠮᠴᠢᠯᠡᠭᠦᠯᠦᠭᠰᠡᠨ ᠣᠯᠠᠨ ᠲᠦᠮᠡᠨ ᠢ ᠨᠡᠶᠢᠲᠡ 200 ᠭᠠᠷᠤᠶ ᠬᠥᠮᠦᠨ ᠤᠳᠠᠭ᠎ᠠ ᠭᠥᠯᠢᠶᠡᠨ ᠠᠪᠴᠤ᠂ ᠡᠭᠦᠨ ᠤ ᠳᠣᠲᠣᠷ᠎ᠠ ᠳᠣᠲᠣᠷ ᠰᠠᠯᠠᠭ᠎ᠠ ᠪᠠ ᠶᠠᠰᠤᠨ ᠤ ᠰᠠᠯᠠᠭ᠎ᠠ ᠶᠢᠨ ᠡᠪᠡᠳᠴᠢᠲᠡᠨ 131 ᠬᠥᠮᠦᠨ ᠪᠠᠶᠢᠨ᠎ᠠ᠂ ᠬᠤᠲᠠ ᠶᠢᠨ ᠭᠤᠤᠯ ᠡᠮᠨᠡᠯᠭᠡ ᠶᠢᠨ ᠬᠤᠷᠢᠶᠠᠨ ᠤ ᠬᠠᠷᠢᠭᠤᠴᠠᠯᠭᠠᠲᠠᠨ ᠢᠯᠡᠷᠬᠡᠶᠢᠯᠡᠬᠦ ᠳᠡᠭᠡᠨ᠂ ᠳᠠᠷᠠᠭ᠎ᠠ ᠤᠳᠠᠭ᠎ᠠ ᠶᠢᠨ ᠠᠯᠪᠠᠨ ᠵᠢᠷᠤᠮ ᠤᠨ ᠡᠮᠴᠢᠯᠡᠭᠡᠨ ᠤ ᠬᠤᠷᠠᠯ ᠠᠴᠠ ᠡᠨᠡ ᠬᠤᠶᠠᠷ ᠰᠠᠯᠠᠭ᠎ᠠ ᠲᠠᠰᠤᠭ ᠲᠤ ᠴᠢᠭᠯᠡᠭᠦᠯᠦᠨ ᠬᠦᠴᠦᠨ ᠨᠡᠮᠡᠵᠦ ᠲᠣᠮᠢᠯᠠᠨ᠎ᠠ ᠭᠡᠵᠡᠶ᠃ ᠰᠢ ᠳ᠋ᠧᠦ ᠫᠦ ᠪᠣᠯᠤᠨ ᠪᠤᠭᠤᠲᠤ ᠬᠤᠲᠠ ᠶᠢᠨ ᠲᠥᠪ ᠡᠮᠨᠡᠯᠭᠡ ᠶᠢᠨ ᠬᠤᠷᠢᠶ᠎ᠠ ᠣᠷᠳᠣ ᠬᠤᠭᠤᠴᠠᠭᠠᠨ ᠤ ︽ᠡᠮ ᠡᠮᠨᠡᠯᠭᠡ ᠪᠠᠷ ᠬᠠᠪᠰᠤᠷᠤᠨ ᠲᠡᠳᠬᠦᠬᠦ︾ ᠬᠠᠮᠲᠤᠷᠠᠯᠴᠠᠭᠠᠨ ᠤ ᠬᠠᠷᠢᠴᠠᠭ᠎ᠠ ᠪᠠᠶᠢᠭᠤᠯᠵᠤ᠂ ᠲᠠᠷᠠᠭᠠᠴᠢ ᠶᠢᠨ ᠠᠯᠬᠤᠮ ᠳᠤ ᠬᠤᠲᠠ ᠶᠢᠨ ᠲᠥᠪ ᠡᠮᠨᠡᠯᠭᠡ ᠶᠢᠨ ᠬᠤᠷᠢᠶ᠎ᠠ ᠭᠠᠷᠠᠭ ᠪᠦᠷᠢ ᠬᠡᠳᠦᠨ ᠲᠤᠰᠬᠠᠶ ᠮᠡᠷᠭᠡᠵᠢᠯᠲᠡᠨ ᠲᠣᠮᠢᠯᠠᠨ ᠰᠢ ᠳ᠋ᠧᠦ ᠫᠦ ᠪᠠᠯᠭᠠᠰᠤᠨ ᠤ ᠡᠷᠡᠭᠦᠯ ᠬᠠᠮᠠᠭᠠᠯᠠᠯ ᠤᠨ ᠬᠤᠷᠢᠶ᠎ᠠ ᠳᠤ ᠣᠴᠢᠭᠤᠯᠵᠤ ᠡᠮᠨᠡᠭᠦᠯᠬᠦ ᠪᠣᠯᠤᠨ᠎ᠠ᠃       ︽ᠠᠷᠠᠳ ᠲᠦᠮᠡᠨ ᠤ ᠲᠥᠯᠥᠭᠡ ᠪᠣᠳᠣᠯᠬᠢᠯᠠᠵᠤ᠂ ᠠᠷᠠᠳ ᠲᠦᠮᠡᠨ ᠤ ᠲᠥᠯᠥᠭᠡ ᠰᠠᠨᠠᠭᠠᠰᠢᠷᠠᠵᠤ᠂ ᠠᠷᠠᠳ ᠲᠦᠮᠡᠨ ᠤ ᠲᠥᠯᠥᠭᠡ ᠰᠠᠨᠠᠭᠠᠰᠢᠷᠠᠵᠤ᠂ ᠦᠨᠳᠦᠰᠦᠲᠡᠨ ᠨᠦᠭᠦᠳ ᠤᠨ ᠠᠷᠠᠳ ᠲᠦᠮᠡᠨ ᠲᠠᠢ ᠠᠮᠢᠰᠬᠤᠭ᠎ᠠ ᠪᠠᠨ ᠨᠢᠭᠡᠳᠬᠡᠵᠦ᠂ ᠬᠤᠪᠢ ᠵᠠᠶᠠᠭ᠎ᠠ ᠪᠠᠨ ᠬᠠᠮᠲᠤᠳᠬᠠᠨ᠎ᠠ︾᠃ ᠡᠨᠡ ᠪᠣᠯ ᠰᠢ ᠳ᠋ᠧᠦ ᠫᠦ ᠪᠠᠯᠭᠠᠰᠤᠨ ᠤ ᠠᠷᠠᠳ ᠤᠨ ᠠᠮᠢᠳᠤᠷᠠᠯ ᠤᠨ ᠠᠵᠢᠯ ᠤᠨ ᠵᠣᠷᠢᠯᠲᠠ ᠪᠠ ᠲᠤᠰᠤᠯᠲᠠ ᠪᠣᠯᠤᠨ᠎ᠠ᠃ ᠬᠤᠲᠠ ᠪᠠᠯᠭᠠᠰᠤᠵᠢᠯᠳᠠ ᠶᠢ ᠠᠬᠢᠭᠤᠯᠬᠤ᠂ ᠬᠥᠳᠡᠭᠡ ᠲᠣᠰᠬᠤᠨ ᠤ ᠬᠥᠮᠦᠨ ᠠᠮᠠ ᠶᠢᠨ ᠨᠠᠰᠤᠵᠢᠬᠤ᠂ ᠠᠶᠢᠯ ᠲᠣᠰᠬᠤᠨ ᠢ ᠬᠤᠭᠤᠰᠣᠷᠠᠭᠤᠯᠬᠤ ᠪᠣᠯ ᠵᠠᠶᠢᠯᠠᠰᠢ ᠥᠬᠡᠶ ᠬᠠᠨᠳᠤᠰᠢ ᠮᠥᠨ᠂ ᠡᠨᠡ ᠬᠦ ᠬᠦᠴᠢᠷ ᠠᠰᠠᠭᠤᠳᠠᠯ ᠳᠤ ᠴᠢᠭᠯᠡᠭᠦᠯᠦᠨ᠂ ᠰᠢ ᠳ᠋ᠧᠦ ᠫᠦ ᠪᠠᠯᠭᠠᠰᠤ ᠨᠢ ᠡᠯ᠎ᠡ ᠵᠦᠢᠯ ᠤᠨ ᠠᠵᠢᠯ ᠢ ᠴᠢᠩᠭ᠎ᠠ᠂ ᠪᠣᠳᠠᠲᠠᠶ᠂ ᠨᠠᠷᠢᠯᠢᠭ ᠬᠢᠬᠦ ᠶᠢᠨ ᠬᠠᠮᠲᠤ᠂ ᠦᠷᠭᠦᠯᠵᠢᠯᠡᠨ ᠡᠯ᠎ᠡ ᠲᠠᠯ᠎ᠠ ᠶᠢᠨ ᠵᠣᠬᠢᠶᠠᠨ ᠪᠠᠶᠢᠭᠤᠯᠤᠯᠲᠠ᠂ ᠬᠠᠶᠢᠷ᠎ᠠ ᠬᠠᠯᠠᠮᠵᠢ ᠶᠢᠨ ᠨᠢᠭᠡᠴᠢ ᠲᠠᠢ ᠬᠠᠮᠲᠤᠷᠠᠨ ᠠᠷᠠᠳ ᠲᠤ ᠲᠥᠬᠦᠮ ᠦᠵᠡᠭᠦᠯᠬᠦ ᠡᠯ᠎ᠡ ᠵᠦᠢᠯ  ᠤᠨ ᠦᠢᠯᠡᠴᠢᠯᠡᠭᠡᠨ ᠤ ᠠᠵᠢᠯᠯᠠᠭ᠎ᠠ ᠶᠢ ᠥᠷᠨᠢᠭᠦᠯᠵᠦ᠂ ᠨᠠᠮ ᠪᠠ ᠵᠠᠰᠠᠭ ᠤᠨ ᠣᠷᠳᠣᠨ ᠤ ᠬᠠᠶᠢᠷ᠎ᠠ ᠬᠠᠯᠠᠮᠵᠢ ᠶᠢ ᠦᠨᠳᠦᠰᠦᠲᠡᠨ ᠨᠦᠭᠦᠳ ᠤᠨ ᠠᠷᠠᠳ ᠲᠦᠮᠡᠨ ᠤ ᠰᠡᠳᠬᠢᠯ ᠳᠤ ᠬᠦᠷᠭᠡᠬᠦ ᠪᠣᠯᠤᠨ᠎ᠠ︕
 
ᠢᠷᠡᠯᠲᠡ᠄ ᠭᠦᠶᠠᠩ ᠰᠢᠶᠠᠨ ᠤ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号